2025 ᠣᠨ ᠤ ᠦᠬᠠᠶ ᠬᠤᠲᠠ ᠶᠢᠨ ︽ᠣᠯᠠᠨ ᠤᠯᠤᠰ ᠤᠨ ᠮᠦᠽᠧᠶ ᠶᠢᠨ ᠡᠳᠦᠷ︾ ︽ᠳᠤᠮᠳᠠᠳᠤ ᠤᠯᠤᠰ ᠤᠨ ᠵᠢᠭᠤᠯᠴᠢᠯᠠᠯ ᠤᠨ ᠡᠳᠦᠷ︾ ᠤᠨ ᠠᠵᠢᠯᠯᠠᠭ᠎ᠠ ᠦᠪᠡᠳᠡᠭᠰᠢ ᠶᠡᠭᠡ ᠪᠠᠷ ᠡᠭᠢᠯᠡᠪᠡ
ᠨᠡᠶᠢᠲᠡᠯᠡᠭᠰᠡᠨ ᠴᠠᠭ᠄
2025/5/20
     5 ᠰᠠᠷ᠎ᠠ ᠶᠢᠨ 18 ᠤ ᠡᠳᠦᠷ᠂ 2025 ᠣᠨ ᠤ ᠦᠬᠠᠶ ᠬᠤᠲᠠ ᠶᠢᠨ ︽ᠣᠯᠠᠨ ᠤᠯᠤᠰ ᠤᠨ ᠮᠦᠽᠧᠶ ᠶᠢᠨ ᠡᠳᠦᠷ︾ ︽ᠳᠤᠮᠳᠠᠳᠤ ᠤᠯᠤᠰ ᠤᠨ ᠵᠢᠭᠤᠯᠴᠢᠯᠠᠯ ᠤᠨ ᠡᠳᠦᠷ︾ ᠤᠨ ᠠᠵᠢᠯᠯᠠᠭ᠎ᠠ ᠬᠤᠲᠠ ᠶᠢᠨ ᠠᠷᠠᠳ ᠤᠨ ᠠᠭᠤᠳᠠᠮ ᠲᠠᠯᠠᠪᠠᠶ ᠳᠤ ᠡᠬᠢᠯᠡᠪᠡ᠃      ᠠᠵᠢᠯᠯᠠᠭ᠎ᠠ ᠨᠢ ︽ᠣᠷᠳᠣᠨ ᠰᠤᠷᠭᠠᠭᠤᠯᠢ ᠶᠢᠨ ᠬᠤᠯᠪᠣᠭ᠎ᠠ︾ ᠪᠠᠷ ᠦᠨᠡᠯᠡᠭᠳᠡᠭᠰᠡᠨ᠂ ᠥᠪᠡᠷᠲᠡᠭᠡᠨ ᠵᠠᠰᠠᠬᠤ ᠣᠷᠣᠨ ᠤ ᠬᠤᠶᠠᠳᠤᠭᠠᠷ ᠪᠦᠯᠦᠭ ᠤᠨ ᠰᠤᠳᠤᠯᠤᠨ ᠰᠤᠷᠤᠯᠴᠠᠬᠤ ᠵᠢᠭᠤᠯᠴᠢᠯᠠᠯ ᠤᠨ ᠦᠢᠯᠡᠴᠢᠯᠡᠭᠡᠨ ᠤ ᠬᠤᠳᠠᠯᠳᠤᠭᠠᠴᠢᠨ᠂ ᠥᠪᠡᠷᠲᠡᠭᠡᠨ ᠵᠠᠰᠠᠬᠤ ᠣᠷᠣᠨ ᠤ 4A ᠲᠠᠰ ᠤᠨ ᠵᠢᠭᠤᠯᠴᠢᠯᠠᠯ ᠤᠨ ᠬᠤᠷᠢᠶ᠎ᠠ᠂ ᠵᠢᠭᠤᠯᠴᠢᠯᠠᠯ ᠤᠨ ᠣᠳᠣᠨ ᠲᠠᠰ ᠤᠨ ᠪᠠᠭᠤᠳᠠᠯ ᠳᠤ ᠫᠠᠶᠢᠰᠠ ᠣᠯᠭᠤᠵᠤ᠂ ᠲᠡᠤᠬᠡ ᠶᠢᠨ ᠳᠤᠷᠠᠰᠬᠠᠯᠲᠤ ᠵᠦᠢᠯᠡᠰ ᠢ ᠪᠡᠯᠡᠭᠯᠡᠨ ᠬᠦᠷᠭᠡᠭᠴᠢ ᠳᠤ ᠦᠨᠡᠮᠯᠡᠯ ᠣᠯᠭᠤᠵᠤ᠂ ᠵᠢᠵᠢᠭ ᠰᠤᠷᠪᠤᠯᠵᠢᠯᠠᠭᠴᠢ ᠳᠤ ᠤᠷᠢᠯᠭ᠎ᠠ ᠶᠢᠨ ᠪᠢᠴᠢᠭ ᠭᠠᠷᠳᠠᠭᠤᠯᠪᠠ᠃ ᠲᠣᠰ ᠤᠳᠠᠭᠠᠨ ᠤ ᠠᠵᠢᠯᠯᠠᠭ᠎ᠠ ᠨᠢ ︽ᠲᠦᠷᠭᠡᠨ ᠬᠤᠪᠢᠷᠠᠯᠳᠠ ᠶᠢᠨ ᠨᠡᠶᠢᠭᠡᠮ ᠤᠨ ᠳᠤᠮᠳᠠᠬᠢ ᠮᠦᠽᠧᠶ ᠶᠢᠨ ᠢᠷᠡᠭᠡᠳᠦᠶ︾ ᠪᠠ ︽ᠭᠤᠶᠤ ᠦᠵᠡᠮᠵᠢᠲᠤ ᠠᠭᠤᠯᠠ ᠣᠰᠣ  ᠰᠠᠶᠢᠨ ᠰᠠᠶᠢᠬᠠᠨ ᠠᠶᠠᠯᠠᠯ ᠵᠢᠭᠤᠯᠴᠢᠯᠠᠯ︾ ᠭᠡᠬᠦ ᠬᠤᠶᠠᠷ ᠶᠡᠭᠡ ᠭᠤᠤᠯ ᠰᠡᠳᠦᠪ ᠲᠠᠢ ᠨᠢᠭᠲᠠ ᠤᠶᠠᠯᠳᠤᠭᠤᠯᠤᠨ᠂ ᠰᠣᠶᠣᠯ ᠤᠨ ᠣᠶᠢᠯᠠᠭᠠᠯᠲᠠ᠂ ᠤᠷᠠᠯᠢᠭ ᠤᠨ ᠦᠵᠡᠭᠦᠯᠦᠯᠭᠡ ᠵᠡᠷᠭᠡ ᠬᠡᠯᠪᠡᠷᠢ ᠪᠠᠷ ᠳᠠᠮᠵᠢᠭᠤᠯᠤᠨ᠂ ᠣᠯᠠᠨ ᠲᠦᠮᠡᠨ ᠳᠤ ᠭᠦᠪ ᠰᠠᠭᠤᠭᠳᠠᠯ ᠲᠠᠢ ᠰᠣᠶᠣᠯ ᠵᠢᠭᠤᠯᠴᠢᠯᠠᠯ ᠤᠨ ᠦᠪᠡᠳᠡᠭᠰᠢ ᠨᠠᠶᠢᠷ ᠢ ᠠᠪᠴᠢᠷᠠᠵᠤ ᠦᠭᠪᠡ᠃ ᠠᠵᠢᠯᠯᠠᠭ᠎ᠠ ᠶᠢᠨ ᠲᠤᠬᠠᠶ ᠶᠢᠨ ᠡᠳᠦᠷ᠂ ︽ᠦᠬᠠᠶ ᠶᠢᠨ ᠬᠥᠮᠦᠰ ᠦᠬᠠᠶ ᠪᠠᠷ ᠵᠤᠭᠠᠴᠠᠬᠤ︾ ᠠᠷᠠᠳ ᠲᠤ ᠠᠰᠢᠭ ᠬᠦᠷᠲᠡᠭᠡᠬᠦ ᠠᠵᠢᠯᠯᠠᠭ᠎ᠠ ᠶᠢ ᠵᠡᠷᠭᠡᠪᠡᠷ ᠡᠬᠢᠯᠡᠭᠦᠯᠵᠦ᠂ ᠪᠥᠬᠦ ᠬᠤᠲᠠ ᠶᠢᠨ ᠣᠯᠠᠨ ᠦᠵᠡᠮᠵᠢ ᠶᠢᠨ ᠣᠷᠣᠨ᠂ ᠪᠠᠭᠤᠳᠠᠯ ᠵᠢᠴᠢ ᠠᠷᠠᠳ ᠤᠨ ᠣᠷᠣᠨ ᠰᠠᠭᠤᠴᠠ ᠵᠡᠷᠭᠡ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠭᠠᠷᠭᠠᠪᠠ᠃      ᠲᠣᠰ ᠤᠳᠠᠭᠠᠨ ᠤ ᠠᠵᠢᠯᠯᠠᠭ᠎ᠠ ᠶᠢᠨ ᠵᠣᠷᠢᠯᠭ᠎ᠠ ᠨᠢ ᠮᠠᠨ ᠤ ᠬᠤᠲᠠ ᠶᠢᠨ ᠵᠢᠭᠤᠯᠴᠢᠯᠠᠯ ᠤᠨ ᠡᠬᠢ ᠪᠠᠶᠠᠯᠢᠭ᠂ ᠤᠨᠴᠠᠯᠢᠬᠳᠤ ᠰᠣᠶᠣᠯ᠂ ᠠᠮᠲᠠᠲᠤ ᠢᠳᠡᠭᠡᠨ ᠵᠡᠷᠭᠡ ᠶᠢ ᠪᠥᠬᠦ ᠲᠠᠯ᠎ᠠ ᠪᠠᠷ ᠳᠡᠯᠭᠡᠨ ᠦᠵᠡᠭᠦᠯᠵᠦ᠂ ᠠᠵᠢᠯᠯᠠᠭ᠎ᠠ ᠶᠢᠨ ᠬᠡᠯᠪᠡᠷᠢ ᠪᠠᠷ ᠳᠠᠮᠵᠢᠭᠤᠯᠤᠨ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠭᠠᠷᠭᠠᠵᠤ᠂ ᠰᠣᠶᠣᠯ ᠤᠨ ᠥᠪ ᠢ ︽ᠠᠮᠢᠯᠠᠭᠤᠯᠵᠤ︾᠂ ᠵᠢᠭᠤᠯᠴᠢᠯᠠᠯ ᠤᠨ ᠵᠠᠬ᠎ᠠ ᠳᠡᠯᠭᠡᠭᠦᠷ ᠢ ︽ᠬᠥᠭᠵᠢᠶᠡᠨᠲᠡᠶ ᠪᠣᠯᠭᠠᠬᠤ︾᠂ ᠮᠠᠨ ᠤ ᠬᠤᠲᠠ ᠶᠢᠨ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠥᠷᠨᠢᠩᠭᠦᠶ ᠬᠥᠭᠵᠢᠯᠲᠡ ᠶᠢ ᠠᠬᠢᠭᠤᠯᠬᠤ ᠶᠢᠨ ᠲᠥᠯᠥᠭᠡ ᠶᠤᠮ᠃      ︽ᠵᠠᠯᠭᠠᠭᠠᠳ᠂ ᠪᠢᠳᠡ ᠠᠷᠠᠳ ᠲᠤ ᠠᠰᠢᠭ ᠬᠦᠷᠲᠡᠭᠡᠬᠦ ᠨᠠᠩ ᠣᠯᠠᠨ ᠠᠷᠭ᠎ᠠ ᠬᠡᠮᠵᠢᠶ᠎ᠡ ᠠᠪᠴᠤ᠂ ᠰᠣᠶᠣᠯ ᠵᠢᠭᠤᠯᠴᠢᠯᠠᠯ ᠤᠨ ᠠᠭᠤᠰᠤᠯᠴᠠᠯ ᠢ ᠲᠠᠰᠤᠷᠠᠯᠲᠠ ᠥᠬᠡᠶ ᠭᠦᠨᠵᠡᠭᠡᠶᠢᠷᠡᠭᠦᠯᠦᠨ᠂ ᠨᠠᠩ ᠣᠯᠠᠨ ᠣᠨᠴᠠᠯᠢᠭᠲᠤ ᠰᠣᠶᠣᠯ ᠵᠢᠭᠤᠯᠴᠢᠯᠠᠯ ᠤᠨ IP ᠶᠢ ᠪᠣᠶ ᠪᠣᠯᠭᠠᠵᠤ᠂ ᠪᠥᠬᠦ ᠠᠷᠠᠳ ᠤᠨ ᠰᠣᠶᠣᠯ ᠵᠢᠭᠤᠯᠴᠢᠯᠠᠯ ᠤᠨ ᠬᠡᠷᠡᠭᠯᠡᠭᠡ ᠶᠢ ᠠᠬᠢᠭᠤᠯᠤᠨ᠂ ᠥᠷᠭᠡᠨ ᠣᠯᠠᠨ ᠲᠦᠮᠡᠨ ᠳᠤ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠬᠥᠭᠵᠢᠯᠲᠡ ᠶᠢᠨ ᠦᠷ᠎ᠡ ᠪᠦᠲᠦᠭᠡᠯ ᠢ ᠬᠠᠮᠲᠤ ᠪᠠᠷ ᠡᠳ᠋ᠯᠡᠭᠦᠯᠵᠦ᠂ ᠣᠯᠠᠨ ᠲᠦᠮᠡᠨ ᠤ ᠦᠬᠠᠶ ᠪᠠᠷ ᠵᠤᠭᠠᠴᠠᠬᠤ ᠶᠢᠨ ᠲᠦᠢᠯ ᠤᠨ ᠶᠡᠭᠡ ᠬᠠᠯᠠᠭᠤᠨ ᠰᠡᠳᠬᠢᠯᠭᠡ ᠶᠢ ᠤᠯᠠᠮ ᠨᠢᠭᠡ ᠠᠯᠬᠤᠮ ᠬᠥᠭᠵᠢᠭᠡᠨ᠎ᠡ︾ ᠭᠡᠵᠦ ᠬᠤᠲᠠ ᠶᠢᠨ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠤᠪᠴᠢᠶᠠᠨ ᠤ ᠵᠠᠬ᠎ᠠ ᠳᠡᠯᠭᠡᠭᠦᠷ ᠤᠨ ᠬᠠᠮᠢᠶᠠᠷᠤᠯᠲᠠ ᠶᠢᠨ ᠰᠠᠯᠠᠭᠠᠨ ᠤ ᠳᠠᠷᠤᠭ᠎ᠠ ᠭᠤᠤ ᠬᠤᠩ ᠰᠢᠨ ᠬᠡᠯᠡᠪᠡ᠃
 
ᠢᠷᠡᠯᠲᠡ᠄ ᠦᠬᠠᠢ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号