ᠳᠡᠷᠭᠡᠨ ᠤ ᠨᠤᠮᠧᠷ ᠤᠨ ᠲᠤᠬᠠᠢ ᠰᠢᠨ᠎ᠠ ᠳᠤᠭᠳᠠᠭᠠᠯ
ᠨᠡᠶᠢᠲᠡᠯᠡᠭᠰᠡᠨ ᠴᠠᠭ᠄
2020/12/14
     ᠲᠥᠷᠥᠭᠦᠬᠡᠨ᠂ ᠮᠠᠰᠢᠨ ᠳᠡᠷᠭᠡᠨ ᠤ ᠨᠤᠮᠧᠷ ᠤᠨ ᠰᠢᠨ᠎ᠠ ᠲᠥᠷᠥ ᠶᠢᠨ ᠪᠤᠳᠤᠯᠭ᠎ᠠ ᠡᠬᠢᠯᠡᠨ ᠬᠡᠷᠡᠭᠵᠢᠭᠦᠯᠥᠭᠳᠡᠯ᠎ᠠ ᠃ ᠡᠭᠦᠨ ᠳᠤ ᠨᠤᠮᠧᠷ ᠰᠤᠩᠭᠤᠬᠤ ᠬᠡᠪᠴᠢᠶ᠎ᠠ ᠶᠢ ᠨᠡᠩ ᠥᠷᠭᠡᠳᠬᠡᠪᠡ᠃ ᠰᠢᠨ᠎ᠠ ᠲᠥᠷᠥ ᠶᠢᠨ ᠪᠤᠳᠤᠯᠭ᠎ᠠ ᠨᠢ ᠢᠨᠲ᠋ᠧᠷ ᠰᠥᠯᠵᠢᠶ᠎ᠠ ᠳᠡᠭᠡᠷ᠎ᠠ ᠳᠡᠷᠭᠡᠨ ᠤ ᠨᠤᠮᠧᠷ ᠢ ᠤᠷᠢᠳᠴᠢᠯᠠᠨ ᠰᠤᠩᠭᠤᠬᠤ ᠶᠢ ᠪᠥᠬᠦ ᠳᠠᠯ᠎ᠠ ᠪᠠᠷ ᠳᠡᠯᠭᠡᠷᠡᠭᠦᠯᠥᠨ᠂ ᠰᠥᠯᠵᠢᠶᠡᠨ ᠳᠡᠭᠡᠷ᠎ᠠ ᠨᠤᠮᠧᠷ ᠰᠤᠩᠭᠤᠬᠤ ᠳᠤ ᠨᠡᠩ ᠲᠥᠭᠦᠮ ᠪᠤᠯᠵᠤ᠂ ᠳᠡᠷᠭᠡᠨ ᠤ ᠡᠵᠡᠳ ︽ᠵᠠᠮ ᠬᠠᠷᠢᠯᠴᠠᠭᠠᠨ ᠤ ᠠᠮᠤᠷ ᠲᠥᠪᠰᠢᠨ ᠤ  ᠶᠡᠷᠤᠩᠬᠡᠶᠢᠯᠡᠭᠰᠡᠨ ᠥᠢᠯᠡᠴᠢᠯᠡᠭᠡᠨ ᠤ ᠬᠠᠮᠢᠶᠠᠷᠤᠯᠲᠠ ᠶᠢᠨ ᠳᠠᠪᠴᠠᠩ︾ ︵WWW.122gov.cn︶ ᠪᠤᠶᠤ ᠭᠠᠷ ᠤᠳᠠᠰᠤᠨ ᠤ APP ︽ᠵᠠᠮ ᠬᠠᠷᠢᠯᠴᠠᠭᠠᠨ ᠤ ᠬᠠᠮᠢᠶᠠᠷᠤᠯᠳᠠ 12123︾ ᠪᠠᠷ ᠳᠠᠮᠵᠢᠨ ᠳᠡᠷᠭᠡᠨ ᠤ ᠨᠤᠮᠧᠷ ᠢᠶᠠᠨ ᠰᠤᠩᠭᠤᠵᠤ ᠪᠤᠯᠤᠨ᠎ᠠ᠃ ᠨᠤᠮᠧᠷ ᠰᠤᠩᠭᠤᠬᠤ ᠪᠠ ᠥᠪᠡᠷ ᠲᠤ ᠪᠠᠨ ᠨᠠᠶᠢᠷᠠᠭᠤᠯᠤᠨ ᠥᠪᠡᠷ ᠲᠤ ᠪᠠᠨ ᠰᠤᠩᠭᠤᠬᠤ ᠬᠤᠶᠠᠷ ᠵᠥᠢᠯ ᠤᠨ ᠨᠤᠮᠧᠷ ᠰᠤᠩᠭᠤᠬᠤ ᠠᠷᠭ᠎ᠠ ᠶᠢ ᠬᠡᠷᠡᠭᠵᠢᠭᠦᠯᠵᠤ᠂ ᠳᠡᠷᠭᠡᠨ ᠤ ᠡᠵᠡᠳ ᠥᠪᠡᠷ ᠤᠨ ᠳᠤᠷ᠎ᠠ ᠰᠤᠨᠢᠷᠬᠠᠯ ᠢᠶᠠᠨ ᠥᠨᠳᠤᠰᠤᠯᠡᠨ ᠨᠤᠮᠧᠷ ᠰᠤᠩᠭᠤᠬᠤ ᠠᠷᠭ᠎ᠠ ᠬᠡᠯᠪᠡᠷᠢ ᠪᠠᠨ ᠳᠤᠭᠳᠠᠭᠠᠵᠤ ᠪᠤᠯᠤᠨ᠎ᠠ᠃ ᠡᠭᠦᠨ ᠳᠤ ᠨᠤᠮᠧᠷ ᠰᠤᠩᠭᠤᠬᠤ ᠨᠢ ︽ 10 ᠠᠴᠠ 1 ᠶᠢ ᠰᠤᠩᠭᠤᠬᠤ︾ ᠶᠢ ᠥᠷᠭᠡᠳᠬᠡᠭᠡᠳ ︽20 ᠠᠴᠠ 1 ᠶᠢ ᠰᠤᠩᠭᠤᠬᠤ︾ ᠪᠤᠯᠭᠠᠵᠤ᠂ ᠨᠤᠮᠧᠷ ᠡᠯᠪᠡᠭ ᠭᠠᠵᠠᠷ ᠤᠷᠤᠨ ︽30 — 50 ᠠᠴᠠ 1 ᠶᠢ ᠰᠤᠩᠭᠤᠬᠤ︾ ᠪᠤᠯᠳᠠᠯ ᠎ᠠ ᠥᠷᠭᠡᠳᠬᠡᠵᠤ᠂ ᠳᠡᠷᠭᠡᠨ ᠤ ᠡᠵᠡᠳ ᠤᠨ ᠰᠤᠩᠭᠤᠬᠤ ᠡᠷᠬᠡ ᠶᠢ ᠨᠡᠩ ᠰᠠᠶᠢᠨ ᠪᠠᠳᠤᠯᠠᠬᠤ ᠪᠤᠯᠤᠨ᠎ᠠ᠃ ᠮᠥᠨ ᠨᠤᠮᠧᠷ ᠢᠶᠠᠨ ᠬᠡᠵᠢᠶᠡᠳᠡ ᠬᠡᠷᠡᠭᠯᠡᠵᠤ ᠪᠤᠯᠬᠤ ᠪᠤᠯᠪᠠ᠂ ᠳᠠᠷᠤᠢ ᠰᠢᠨ᠎ᠠ ᠲᠥᠷᠥ ᠶᠢᠨ ᠪᠤᠳᠤᠯᠭ᠎ᠠ ᠶᠢᠨ ᠬᠠᠮᠤᠭ ᠤᠨ ᠶᠡᠭᠡ ᠠᠰᠢᠭ ᠲᠠᠢ ᠳᠠᠯ᠎ᠠ ᠨᠢ ᠤᠳᠤ ᠪᠠᠷ ᠢᠶᠠᠨ ᠪᠠᠶᠢᠭ᠎ᠠ ᠨᠤᠮᠧᠷ ᠢᠶᠠᠨ ᠥᠷᠭᠦᠯᠵᠢᠯᠡᠨ ᠬᠡᠷᠡᠭᠯᠡᠬᠦ᠂ ᠰᠢᠯᠵᠢᠭᠦᠯᠥᠨ ᠥᠭᠬᠦ ᠳᠠᠯ᠎ᠠ ᠪᠠᠷ ᠰᠢᠨ᠎ᠠ ᠳᠤᠭᠳᠠᠭᠠᠯ ᠲᠠᠢ ᠪᠤᠯᠪᠠ᠃ ᠬᠠᠭᠤᠴᠢᠨ ᠳᠡᠷᠭᠡ ᠬᠤᠳᠠᠯᠳᠤᠨ ᠠᠪᠬᠤ ᠳᠤ ᠤᠤᠯ ᠤᠨ ᠳᠡᠷᠭᠡᠨ ᠤ ᠨᠤᠮᠧᠷ ᠢᠶᠠᠨ ᠥᠷᠭᠦᠯᠵᠢᠯᠡᠨ ᠬᠡᠷᠡᠭᠯᠡᠵᠤ ᠪᠤᠯᠤᠨ᠎ᠠ᠃ ᠬᠠᠭᠤᠴᠢᠨ ᠳᠡᠷᠭᠡ ᠪᠠᠨ ᠰᠢᠯᠵᠢᠭᠦᠯᠥᠨ ᠥᠭᠬᠦ ᠡᠰᠡᠪᠡᠯ ᠬᠥᠴᠤᠨ ᠥᠭᠡᠢ ᠪᠤᠯᠭᠠᠭᠰᠠᠨ ᠤ ᠳᠠᠷᠠᠭ᠎ᠠ᠂ ᠤᠤᠯ ᠤᠨ ᠳᠡᠷᠭᠡᠨ ᠤ ᠡᠵᠡᠨ ᠨᠢ ᠳᠠᠬᠢᠨ ᠰᠢᠨ᠎ᠠ ᠳᠡᠷᠭᠡ ᠡᠰᠡᠪᠡᠯ ᠬᠠᠭᠤᠴᠢᠨ ᠳᠡᠷᠭᠡ ᠬᠤᠳᠠᠯᠳᠤᠨ ᠠᠪᠤᠪᠠᠯ ᠪᠥᠷ ᠤᠤᠯ ᠤᠨ ᠨᠤᠮᠧᠷ ᠢᠶᠠᠨ ᠬᠡᠷᠡᠭᠯᠡᠵᠤ ᠪᠤᠯᠬᠤ ᠪᠥᠭᠡᠳ ᠶᠠᠷᠢᠶᠠᠨ ᠥᠭᠡᠢ ᠰᠢᠨ᠎ᠠ ᠨᠤᠮᠧᠷ ᠬᠡᠷᠡᠭᠯᠡᠬᠦ ᠶᠢ ᠴᠤ ᠡᠷᠡᠮᠡᠯᠵᠡᠵᠤ ᠪᠤᠯᠤᠨ᠎ᠠ᠃            ᠤᠤᠯ ᠤᠨ ᠳᠡᠷᠭᠡᠨ ᠤ ᠨᠤᠮᠧᠷ ᠢ ᠬᠡᠷᠡᠭᠯᠡᠬᠦ ᠬᠤᠭᠤᠴᠠᠭᠠᠨ ᠤ ᠬᠢᠵᠠᠭᠠᠷ ᠢ ᠠᠭᠤᠵᠢᠭᠤ ᠪᠤᠯᠭᠠᠵᠤ᠂ ᠮᠠᠰᠢᠨ ᠳᠡᠷᠭᠡ ᠪᠠᠨ ᠬᠡᠷᠡᠭᠯᠡᠭᠡᠳ ᠭᠤᠷᠪᠠᠨ ᠵᠢᠯ ᠠᠴᠠ ᠳᠠᠪᠠᠭᠰᠠᠨ ᠤ ᠳᠠᠷᠠᠭ᠎ᠠ ᠳᠤᠰ ᠳᠡᠷᠭᠡᠨ ᠤ ᠨᠤᠮᠧᠷ ᠢᠶᠠᠨ ᠬᠡᠪ ᠢᠶᠠᠷ ᠨᠢ ᠪᠠᠶᠢᠯᠭᠠᠬᠤ ᠱᠠᠭᠠᠷᠳᠠᠯᠭ᠎ᠠ ᠳᠤᠷᠠᠳᠴᠤ ᠪᠤᠯᠤᠨ᠎ᠠ ᠭᠡᠰᠡᠨ ᠢ ᠬᠤᠪᠢᠷᠠᠭᠤᠯᠤᠭᠠᠳ᠂ ᠬᠡᠷᠡᠭᠯᠡᠭᠡᠳ ᠨᠢᠭᠡ ᠵᠢᠯ ᠪᠤᠯᠤᠭᠰᠠᠨ ᠤ ᠳᠠᠷᠠᠭ᠎ᠠ ᠳᠠᠷᠤᠢ  ᠬᠡᠪ ᠢᠶᠠᠷ ᠨᠢ ᠪᠠᠶᠢᠯᠭᠠᠬᠤ ᠪᠠᠷ ᠡᠷᠡᠮᠡᠯᠵᠡᠯᠡᠬᠦ ᠪᠤᠯᠭᠠᠪᠠ᠃ ᠡᠭᠦᠨ ᠤ ᠵᠡᠷᠭᠡᠪᠡᠷ᠂ ᠤᠤᠯ ᠤᠨ ᠨᠤᠮᠧᠷ ᠢᠶᠠᠨ ᠬᠡᠪ ᠢᠶᠠᠷ ᠨᠢ ᠪᠠᠶᠢᠯᠭᠠᠬᠤ ᠪᠠᠷ ᠡᠷᠡᠮᠡᠯᠵᠡᠯᠡᠬᠦ ᠬᠤᠭᠤᠴᠠᠭᠠᠨ ᠤ ᠬᠢᠵᠠᠭᠠᠷ ᠢ ᠤᠤᠯ ᠤᠨ ᠳᠡᠷᠭᠡ ᠪᠠᠨ ᠰᠢᠯᠵᠢᠭᠦᠯᠥᠨ ᠥᠭᠬᠦ᠂ ᠡᠰᠡᠭᠦᠯ᠎ᠡ ᠬᠥᠴᠤᠨ ᠥᠭᠡᠢ ᠪᠤᠯᠭᠠᠭᠰᠠᠨ ᠤ ᠳᠠᠷᠠᠭ᠎ᠠ 6 ᠰᠠᠷ᠎ᠠ ᠶᠢᠨ ᠳᠤᠳᠤᠷ᠎ᠠ ᠡᠷᠡᠮᠡᠯᠵᠡᠯᠡᠵᠤ ᠪᠤᠯᠤᠨ᠎ᠠ ᠭᠡᠰᠡᠨ ᠢ ᠬᠤᠪᠢᠷᠠᠭᠤᠯᠤᠭᠠᠳ ᠨᠢᠭᠡ ᠵᠢᠯ ᠤᠨ ᠳᠤᠳᠤᠷ᠎ᠠ ᠡᠷᠡᠮᠡᠯᠵᠡᠬᠦ ᠪᠤᠯᠭᠠᠵᠠᠢ᠃            ᠤᠤᠯ ᠤᠨ ᠳᠡᠷᠭᠡᠨ ᠤ ᠡᠵᠡᠨ ᠨᠢᠭᠡ ᠵᠢᠯ ᠤᠨ ᠳᠤᠳᠤᠷ᠎ᠠ ᠬᠡᠷᠡᠭᠯᠡᠬᠦ ᠪᠠᠷ ᠡᠷᠡᠮᠡᠯᠵᠡᠭᠰᠡᠨ ᠥᠭᠡᠢ ᠪᠤᠯ ᠳᠤᠰ ᠨᠤᠮᠧᠷ ᠢ ᠳᠠᠬᠢᠨ ᠨᠤᠮᠧᠷ ᠰᠤᠩᠭᠤᠬᠤ ᠳᠠᠳᠠᠭᠠᠯ ᠳᠤ ᠤᠷᠤᠭᠤᠯᠤᠨ᠂ ᠨᠡᠶᠢᠬᠡᠮ ᠳᠤ ᠢᠯᠡ ᠪᠠᠷ ᠨᠡᠶᠢᠳᠡᠯᠡᠵᠤ ᠥᠭᠬᠦ ᠪᠤᠯᠤᠨ᠎ᠠ᠃ ᠡᠭᠦᠨ ᠠᠴᠠ ᠡᠮᠤᠨ᠎ᠠ᠂ ᠤᠤᠯ ᠤᠨ ᠮᠠᠰᠢᠨ ᠳᠡᠷᠭᠡᠨ ᠤ ᠨᠤᠮᠧᠷ ᠢᠶᠠᠨ ᠬᠡᠷᠡᠭᠯᠡᠭᠡᠳ ᠭᠤᠷᠪᠠᠨ ᠵᠢᠯ ᠠᠴᠠ ᠳᠠᠪᠠᠭᠰᠠᠨ ᠥᠭᠡᠢ ᠪᠠᠶᠢᠪᠠᠯ ᠨᠤᠮᠧᠷ ᠢᠶᠠᠨ ᠥᠷᠭᠦᠯᠵᠢᠯᠡᠨ ᠬᠡᠷᠡᠭᠯᠡᠬᠦ ᠶᠢ ᠭᠤᠶᠤᠴᠢᠯᠠᠬᠤ ᠶᠢᠨ ᠠᠷᠭ᠎ᠠ ᠥᠭᠡᠢ ᠮᠦᠷᠲᠡᠭᠡᠨ ᠬᠠᠭᠤᠴᠢᠨ ᠳᠡᠷᠭᠡ ᠬᠤᠳᠠᠯᠳᠤᠨ ᠠᠪᠤᠭᠰᠠᠨ ᠴᠤ ᠤᠤᠯ ᠤᠨ ᠳᠡᠷᠭᠡᠨ ᠤ ᠨᠤᠮᠧᠷ ᠢ ᠥᠷᠭᠦᠯᠵᠢᠯᠡᠨ ᠬᠡᠷᠡᠭᠯᠡᠵᠤ ᠪᠤᠯᠳᠠᠭ ᠥᠭᠡᠢ ᠪᠠᠶᠢᠵᠠᠢ᠃ ᠤᠳᠤ ᠳᠡᠷᠭᠡᠨ ᠤ ᠡᠵᠡᠳ ᠨᠡᠩ ᠭᠥᠢᠴᠡᠳ ᠴᠠᠭ ᠤᠨ ᠳᠤᠳᠤᠷ᠎ᠠ ᠤᠤᠯ ᠤᠨ ᠳᠡᠷᠭᠡᠨ ᠤ ᠨᠤᠮᠧᠷ ᠢᠶᠠᠨ ᠥᠷᠭᠦᠯᠵᠢᠯᠡᠨ ᠬᠡᠷᠡᠭᠯᠡᠬᠦ ᠪᠠᠷ ᠡᠷᠡᠮᠡᠯᠵᠡᠨ᠂ ᠰᠢᠨ᠎ᠠ ᠬᠤᠳᠠᠯᠳᠤᠨ ᠠᠪᠤᠭᠰᠠᠨ ᠰᠢᠨ᠎ᠠ ᠳᠡᠷᠭᠡ ᠡᠰᠡᠪᠡᠯ ᠬᠠᠭᠤᠴᠢᠨ ᠳᠡᠷᠭᠡᠨ ᠳᠤ ᠪᠠᠨ ᠬᠡᠷᠡᠭᠯᠡᠵᠤ ᠪᠤᠯᠤᠨ᠎ᠠ᠃ ᠡᠨᠡ ᠨᠢ ᠳᠠ ᠥᠪᠡᠷ ᠤᠨ ᠳᠤᠷ᠎ᠠ ᠲᠠᠢ ᠨᠤᠮᠧᠷ ᠢᠶᠠᠨ ᠨᠠᠰᠤᠨ ᠳᠤᠷᠰᠢᠳᠠ ᠬᠡᠷᠡᠭᠯᠡᠵᠤ ᠪᠤᠯᠤᠨ᠎ᠠ ᠭᠡᠳᠡᠭ ᠢ ᠬᠡᠯᠡᠵᠤ ᠪᠠᠶᠢᠭ᠎ᠠ ᠶᠤᠮ᠃  
 
ᠢᠷᠡᠯᠲᠡ᠄ ᠬᠣᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号