ᠬᠡᠬᠦᠨ ᠰᠦᠨ ᠤ ᠬᠢᠮᠢ ᠶᠢᠨ ᠪᠦᠷᠢᠯᠳᠦᠬᠦᠨ
ᠨᠡᠶᠢᠲᠡᠯᠡᠭᠰᠡᠨ ᠴᠠᠭ᠄
2021/7/26
     ᠬᠡᠬᠦᠨ ᠰᠦ ᠶᠢ ᠪᠤᠰᠤᠳ ᠮᠠᠯ ᠤᠨ ᠰᠦ ᠲᠠᠢ ᠬᠠᠷᠢᠴᠠᠭᠤᠯᠪᠠᠯ ᠴᠠᠭᠠᠨ ᠤᠭᠤᠷᠠᠭ᠂ ᠰᠦᠨ ᠤ ᠰᠢᠬᠢᠷ᠂ ᠸᠢᠲ᠋ᠠᠮᠢᠨ ᠢᠶᠠᠷ ᠪᠠᠶᠠᠯᠢᠭ ᠶᠤᠮ᠃ ᠬᠡᠬᠦᠨ ᠰᠦ ᠨᠢ ᠪᠡᠶ᠎ᠡ ᠮᠠᠬᠠᠪᠤᠳ ᠤᠨ ᠵᠠᠶᠢᠯᠠᠰᠢ ᠦᠭᠡᠢ ᠬᠡᠷᠡᠭᠴᠡᠬᠡᠳᠣ ᠰᠢᠪᠳᠤᠷᠳᠣ ᠬᠦᠴᠢᠯ᠂ ᠤᠰᠤᠨ ᠤ ᠬᠦᠴᠢᠯ᠂ ᠶᠠᠩᠵᠤ ᠪᠦᠷᠢ ᠶᠢᠨ ᠸᠢᠲ᠋ᠠᠮᠢᠨ ᠠᠭᠤᠯᠤᠭᠰᠠᠨ ᠤ ᠬᠤᠪᠢ ᠳᠤ ᠠᠯᠢ ᠴᠦ ᠲᠦᠷᠦᠯ ᠤᠨ ᠮᠠᠯ ᠤᠨ ᠰᠦᠨ ᠠᠴᠠ ᠲᠠᠪᠠᠳᠠᠭ ᠶᠤᠮ᠃ ᠡᠯ᠎ᠡ ᠲᠦᠷᠦᠯ ᠤᠨ ᠮᠠᠯ ᠪᠤᠯᠤᠨ ᠬᠡᠷ ᠤᠨ ᠲᠡᠵᠢᠬᠡᠪᠤᠷᠢ  ᠶᠢᠨ ᠰᠦ ᠶᠢ ᠠᠳᠠᠯᠢᠳᠬᠠᠪᠠᠯ ᠰᠢᠮ᠎ᠡ ᠲᠡᠵᠢᠬᠡᠯ ᠤᠨ ᠬᠤᠪᠢ ᠳᠤ ᠠᠳᠤᠭᠤᠨ ᠤ ᠰᠦ ᠨᠢ ᠬᠦᠮᠦᠨ ᠤ ᠰᠦ ᠲᠠᠢ ᠤᠶᠢᠷᠠᠯᠴᠠᠭ᠎ᠠ ᠪᠠᠶᠢᠳᠠᠭ᠃            ᠬᠡᠬᠦᠨ ᠰᠦ ᠨᠢ ᠡᠯ᠎ᠡ ᠲᠦᠷᠦᠯ ᠤᠨ ᠮᠠᠯ ᠪᠤᠯᠤᠨ ᠬᠡᠷ ᠤᠨ ᠲᠡᠵᠢᠬᠡᠪᠤᠷᠢ ᠶᠢᠨ ᠰᠦ ᠲᠠᠢ ᠠᠳᠠᠯᠢᠳᠬᠠᠪᠠᠯ ᠨᠡᠯᠢᠶᠡᠳ ᠵᠦᠷᠢᠶ᠎ᠠ ᠲᠠᠢ ᠪᠠᠶᠢᠳᠠᠭ᠃ ᠬᠡᠪᠡᠴᠤ ᠬᠦᠮᠦᠨ ᠤ ᠰᠦ ᠲᠠᠢ ᠠᠳᠠᠯᠢᠳᠬᠠᠪᠠᠯ ᠨᠡᠯᠢᠶᠡᠳ ᠤᠶᠢᠷᠠᠯᠴᠠᠭ᠎ᠠ ᠪᠤᠯᠬᠤ ᠲᠤᠯᠠ ᠰᠢᠮ᠎ᠡ ᠲᠡᠵᠢᠬᠡᠯ ᠢᠶᠠᠷ ᠬᠠᠮᠤᠭ ᠰᠠᠶᠢᠨ ᠰᠦ ᠪᠤᠯᠬᠤ ᠶᠤᠮ᠃            ᠰᠦ ᠨᠢ ᠬᠠᠳᠠᠭᠤ ᠪᠤᠳᠠᠰ᠂ ᠤᠰᠤ ᠬᠤᠶᠠᠷ ᠠᠴᠠ ᠪᠦᠷᠢᠯᠳᠦᠳᠡᠭ᠃ ᠰᠦᠨ ᠤ ᠬᠠᠭᠤᠷᠠᠢ ᠪᠤᠳᠠᠰ ᠤᠨ ᠪᠦᠷᠢᠯᠳᠦᠬᠦᠨ ᠳᠤ ᠲᠤᠰᠤ᠂ ᠤᠭᠤᠷᠠᠭ᠂ ᠰᠢᠬᠢᠷ᠂ ᠡᠷᠦᠳᠡᠰᠦᠨ ᠪᠤᠳᠠᠰ ᠪᠤᠯᠤᠨ ᠸᠢᠲ᠋ᠠᠮᠢᠨ᠂ ᠢᠰᠬᠡᠬᠦᠷ ᠵᠡᠷᠬᠡ ᠪᠠᠭᠳᠠᠨ᠎ᠠ᠃ ᠬᠡᠬᠦᠨ ᠰᠦ ᠶᠢᠨ ᠬᠢᠮᠢ ᠶᠢᠨ ᠪᠦᠷᠢᠯᠳᠦᠬᠦᠨ ᠢ ᠰᠢᠨᠵᠢᠯᠡᠭᠰᠡᠨ ᠳ᠋ᠦᠩ ᠠᠴᠠ ᠦᠵᠡᠪᠡᠯ 100  ᠭᠷᠡᠮ ᠬᠡᠬᠦᠦ ᠶᠢᠨ ᠰᠦᠨ ᠲᠤᠳᠤᠷ᠎ᠠ ᠤᠭᠤᠷᠠᠭ 22 ᠭᠷᠡᠮ᠂ ᠲᠤᠰᠤ 1.6 ᠭᠷᠡᠮ᠂ ᠰᠦᠨ ᠰᠢᠬᠢᠷ 6.8 ᠭᠷᠡᠮ᠂ ᠦᠨᠡᠰᠣ 0.3 ᠭᠷᠡᠮ᠂ ᠤᠰᠤᠨ ᠤ ᠬᠡᠮᠵᠢᠶ᠎ᠡ 88.7 ᠭᠷᠡᠮ ᠪᠠᠶᠢᠳᠠᠭ᠃ 100 ᠭᠷᠡᠮ ᠬᠡᠬᠦᠨ ᠤ ᠰᠦᠨ ᠲᠤᠳᠤᠷ᠎ᠠ ᠸᠢᠲ᠋ᠠᠮᠢᠨ A130 ᠲᠡᠯᠡᠬᠡᠢ ᠶᠢᠨ ᠨᠢᠬᠡᠴᠢ᠂ ᠸᠢᠲ᠋ᠠᠮᠢᠨ B10.095 ᠮᠢᠯᠢᠭᠷᠡᠮ᠂ ᠸᠢᠲ᠋ᠠᠮᠢᠨ B2 0.061 ᠮᠢᠯᠢᠭᠷᠡᠮ᠂ ᠸᠢᠲ᠋ᠠᠮᠢᠨ C 11.5 ᠮᠢᠯᠢᠭᠷᠡᠮ᠂ ᠸᠢᠲ᠋ᠠᠮᠢᠨ E 0.24 ᠮᠢᠯᠢᠭᠷᠡᠮ᠃ 100 ᠭᠷᠡᠮ ᠬᠡᠬᠦᠨ ᠤ ᠰᠦ ᠲᠤᠳᠤᠷ᠎ᠠ ᠺᠠᠯᠽᠢ 61.6 ᠮᠢᠯᠢᠭᠷᠡᠮ᠂ ᠹᠤᠰᠹᠤᠷ 25 ᠮᠢᠯᠢᠭᠷᠡᠮ᠂ ᠲᠡᠮᠦᠷ 0.27 ᠮᠢᠯᠢᠭᠷᠡᠮ᠂ ᠵᠡᠰ 0.01 ᠮᠢᠯᠢᠭᠷᠡᠮ᠂ ᠴᠠᠶᠢᠷ 0.7 ᠮᠢᠯᠢᠭᠷᠡᠮ᠂ ᠮᠠᠩᠭᠠᠨ 0.01 ᠮᠢᠯᠢᠭᠷᠡᠮ᠂ ᠮᠠᠭᠨᠢ 5.8 ᠮᠢᠯᠢᠭᠷᠡᠮ ᠲᠤᠰ ᠲᠤᠰ ᠪᠠᠶᠢᠳᠠᠭ᠃ ᠡᠬᠦᠨ ᠠᠴᠠ ᠭᠠᠳᠠᠨ᠎ᠠ ᠪᠠᠰᠠ ᠡᠾᠷᠣᠮ᠂ ᠺᠤᠪᠠᠯᠲ᠂ ᠢᠣᠳ᠋᠂ ᠺᠠᠯᠢ ᠵᠡᠷᠬᠡ ᠪᠢᠴᠢᠯ ᠡᠷᠦᠳᠡᠰᠦᠨ ᠪᠠᠶᠢᠳᠠᠭ᠃            ᠬᠡᠬᠦᠨ ᠤ ᠡᠬᠦᠯᠳᠡᠷ ᠲᠦᠷᠦᠯ ᠨᠢ ᠠᠳᠠᠯᠢ ᠦᠭᠡᠢ᠂ ᠪᠡᠯᠴᠢᠬᠡᠷ ᠪᠤᠯᠤᠨ ᠰᠠᠭᠠᠬᠤ ᠤᠯᠠᠷᠢᠯ ᠤᠨ ᠠᠳᠠᠯᠢ ᠦᠭᠡᠢ  ᠠᠴᠠ ᠪᠤᠯᠵᠤ ᠰᠦᠨ ᠤ ᠬᠢᠮᠢ ᠶᠢᠨ ᠪᠦᠷᠢᠯᠳᠦᠬᠦᠨ ᠨᠢ ᠪᠠᠰᠠ ᠵᠦᠷᠢᠶ᠎ᠠ ᠲᠠᠢ ᠪᠠᠶᠢᠳᠠᠭ᠃            ᠬᠡᠬᠦᠨ ᠰᠦ ᠨᠢ ᠢᠰᠦᠯᠳᠡ ᠶᠢᠨ ᠶᠠᠪᠤᠴᠠ ᠳᠠᠭᠠᠨ ᠨᠡᠯᠢᠶᠡᠳ ᠶᠡᠭᠡ ᠬᠤᠪᠢᠷᠠᠯᠳᠠ ᠭᠠᠷᠳᠠᠭ᠃ ᠡᠶᠢᠮᠤ ᠠᠴᠠ ᠴᠡᠭᠡ ᠶᠢᠨ ᠬᠢᠮᠢ ᠶᠢᠨ ᠪᠦᠷᠢᠯᠳᠦᠬᠦᠨ ᠨᠢ ᠬᠡᠬᠦᠨ ᠰᠦ ᠠᠴᠠ ᠮᠡᠳᠡᠭᠳᠡᠮ᠎ᠡ ᠵᠦᠷᠢᠶ᠎ᠠ ᠲᠠᠢ ᠪᠠᠶᠢᠳᠠᠭ᠃ ᠴᠡᠭᠡ ᠶᠢᠨ ᠰᠢᠬᠢᠷ ᠨᠢ ᠪᠠᠭ᠎ᠠ ᠪᠤᠯᠵᠤ᠂ ᠰᠦᠨ ᠬᠦᠴᠢᠯ᠂ ᠰᠫᠢᠷᠲ᠂ ᠡᠯ᠎ᠡ ᠵᠦᠢᠯ ᠤᠨ ᠦᠨᠦᠷᠳᠣ ᠪᠤᠳᠠᠰ ᠨᠡᠮᠡᠭᠳᠡᠳᠡᠭ᠃            ᠬᠡᠬᠦᠨ ᠰᠦ ᠳᠤ ᠬᠠᠭᠤᠷᠠᠢ ᠪᠤᠳᠠᠰ ᠵᠠᠭᠤᠨ ᠤ 10 —11.4%᠂ ᠴᠡᠭᠡ ᠳᠤ ᠪᠤᠯ ᠰᠠᠶ᠋ᠢ 6. 8 —8.6% ᠠᠭᠤᠯᠤᠭᠳᠠᠳᠠᠭ᠃ ᠴᠡᠭᠡ ᠶᠢᠨ ᠬᠠᠭᠤᠷᠠᠢ ᠪᠤᠳᠠᠰ ᠤᠨ ᠪᠠᠭᠠᠰᠤᠭᠰᠠᠨ ᠰᠢᠯᠳᠠᠭᠠᠨ ᠨᠢ  ᠭᠤᠤᠯᠳᠠᠭᠤ ᠢᠰᠦᠯᠳᠡ ᠶᠢᠨ ᠶᠠᠪᠤᠴᠠ ᠳᠤ ᠰᠢᠬᠢᠷ ᠨᠢ ᠵᠠᠳᠠᠷᠠᠭᠰᠠᠨ ᠠᠴᠠ ᠪᠤᠯᠤᠭᠰᠠᠨ ᠶᠤᠮ᠃ ᠬᠡᠬᠦᠨ ᠰᠦ ᠨᠢ ᠰᠦᠨ ᠰᠢᠬᠢᠷ 6 —7 ᠠᠭᠤᠯᠤᠭᠳᠠᠵᠤ᠂ ᠴᠡᠭᠡ ᠳᠤ ᠰᠠᠶ᠋ᠢ1.4 —4.4% ᠠᠭᠤᠯᠤᠭᠳᠠᠳᠠᠭ᠃            ᠪᠤᠰᠤᠳ ᠤᠷᠭᠠᠨᠢᠭ ᠲᠤᠰᠤ᠂ ᠨᠡᠬᠦᠷᠡᠰᠦᠳᠦ᠋ᠷᠦᠭᠴᠢ᠂ ᠪᠢᠴᠢᠯ ᠡᠯᠧᠮᠧᠨ᠋ᠲ ᠨᠢ ᠲᠡᠮᠡᠢ ᠶᠡᠭᠡ ᠬᠤᠪᠢᠷᠠᠯᠳᠠ ᠭᠠᠷᠳᠠᠭ ᠦᠭᠡᠢ᠂ ᠬᠠᠷᠢᠨ ᠸᠢᠲ᠋ᠠᠮᠢᠨC ᠪᠤᠯᠤᠨ ᠸᠢᠲ᠋ᠠᠮᠢᠨB ᠶᠢᠨ ᠪᠦᠯᠦᠭ ᠨᠢ ᠴᠡᠭᠡ ᠳᠤ  ᠨᠡᠮᠡᠭᠳᠡᠳᠡᠭ᠃    
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号