ᠬᠤᠷᠤᠳ ᠤᠨ ᠬᠦᠮᠦᠨ ᠤ ᠪᠡᠶ᠎ᠡ ᠳᠤ ᠦᠵᠡᠭᠦᠯᠬᠦ ᠠᠴᠢ ᠲᠤᠰᠠ
ᠨᠡᠶᠢᠲᠡᠯᠡᠭᠰᠡᠨ ᠴᠠᠭ᠄
2021/6/28
     ᠮᠤᠩᠭᠤᠯᠴᠤᠳ ᠭᠡᠳᠤᠨ ᠮᠢᠩᠭᠠᠨ ᠵᠢᠯ ᠤᠨ ᠳᠤᠷᠰᠢ ᠳᠠᠯ᠎ᠡ ᠨᠤᠳᠤᠭ ᠤᠨ ᠨᠡᠭᠦᠳᠡᠯ ᠰᠤᠶᠤᠯ ᠤᠨ ᠪᠤᠯᠪᠠᠰᠤᠨ ᠢ ᠪᠦᠳᠤᠭᠡᠭᠦ ᠶᠠᠪᠤᠴᠠ ᠳᠤ ᠴᠠᠭᠠᠨ ᠢᠳᠡᠭᠡᠨ ᠭᠡᠮᠡᠭᠦ ᠦᠪᠠᠷᠮᠢᠴᠠ ᠰᠠᠶᠢᠬᠠᠨ ᠢᠳᠡᠭᠡᠨ ᠤᠮᠳᠠᠭᠠᠨ ᠤ ᠰᠤᠶᠤᠯ ᠢ ᠡᠭᠦᠳᠦᠭᠰᠡᠨ ᠪᠢᠯᠡ᠃ ᠴᠠᠭᠠᠨ ᠢᠳᠡᠭᠡᠨ ᠪᠤᠯ ᠰᠢᠮ᠎ᠡ ᠳᠡᠵᠢᠭᠡᠯ ᠦᠨᠳᠤᠷ᠂ ᠴᠤᠯ ᠪᠠᠶᠢᠭᠠᠯᠢᠯᠢᠬ ᠢᠳᠡᠭᠡᠨ ᠪᠠᠶᠢᠵᠤ᠂ ᠳᠦᠷᠦᠯ ᠵᠦᠢᠯ ᠨᠢ ᠤᠯᠠᠨ᠂ ᠪᠤᠯᠪᠠᠰᠤᠷᠠᠭᠤᠯᠬᠤ ᠠᠷᠭ᠎ᠠ ᠮᠠᠷᠭᠡᠵᠢᠯ ᠨᠢ ᠨᠠᠷᠢᠯᠢᠬ ᠪᠠᠶᠢᠳᠠᠭ᠃ ᠴᠠᠭᠠᠨ ᠢᠳᠡᠭᠡᠨ ᠢᠶᠠᠷ ᠡᠪᠡᠳᠴᠢᠨ ᠠᠷᠬᠠᠭ ᠢ ᠡᠮᠨᠡᠨ ᠵᠠᠰᠠᠳᠠᠭ ᠵᠤᠷᠰᠢᠯ ᠨᠢ ᠮᠤᠩᠭᠤᠯᠴᠤᠳ ᠤᠨ ᠳᠤᠮᠳᠠ ᠤᠳᠠᠭᠠᠨ ᠤᠨ ᠤ ᠤᠯᠠᠮᠵᠢᠯᠠᠯ ᠲᠠᠢ ᠪᠦᠭᠡᠳ ᠤᠳᠤ ᠴᠤ ᠭᠡᠰᠡᠨ ᠭᠦᠮᠤᠰ ᠤᠨ ᠡᠳᠤᠷ ᠳᠤᠳᠤᠮ ᠤᠨ ᠠᠮᠢᠳᠤᠷᠠᠯ ᠳᠤᠮᠳᠠ ᠪᠠᠨ ᠠᠩᠬᠠᠷᠬᠤ ᠵᠤᠬᠢᠰᠳᠠᠢ ᠵᠦᠢᠯ ᠪᠤᠯᠤᠨ᠎ᠡ᠃ ᠳᠡᠭᠡᠪᠡᠯ ᠴᠠᠭᠠᠨ ᠢᠳᠡᠭᠡᠨ ᠤ ᠭᠤᠤᠯ ᠳᠦᠷᠦᠯ ᠤᠨ ᠨᠢᠭᠡ ᠪᠤᠯᠬᠤ ᠬᠤᠷᠤᠳ ᠨᠢ ᠭᠦᠮᠤᠨ ᠤ ᠪᠠᠶ᠎ᠡ ᠳᠤ ᠶᠠᠮᠠᠷ ᠠᠴᠢ ᠳᠤᠰᠠ ᠲᠠᠢ ᠪᠠᠶᠢᠳᠠᠭ ᠳᠤᠬᠠᠢ ᠨᠠᠷᠢᠨ ᠤᠢᠢᠯᠠᠭᠠᠬᠤ ᠪᠠᠷ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠤᠯᠠᠮᠵᠢᠯᠠᠯᠳᠤ ᠵᠠᠰᠠᠯ ᠤᠨ ᠰᠠᠯᠠᠭ᠎ᠠ ᠶᠢᠨ ᠡᠮᠴᠢ ᠴᠠᠭᠠᠨᠴᠠᠴᠡᠭ ᠢ ᠰᠤᠷᠪᠤᠯᠵᠢᠯᠠᠯ᠎ᠡ᠃            ᠬᠤᠷᠤᠳ ᠭᠡᠭᠦ ᠳᠤ ᠮᠤᠩᠭᠤᠯᠴᠤᠳ ᠪᠦᠷ ᠮᠡᠳᠡᠨ᠎ᠠ᠃ ᠬᠤᠷᠤᠳ ᠢ ᠤᠯᠠᠩᠬᠢ ᠳᠠᠭᠠᠨ ᠦᠨᠢᠶᠠᠨ ᠰᠦ ᠪᠠᠷ ᠬᠢᠳᠡᠭ᠃ ᠨᠤᠳᠤᠭ ᠨᠤᠳᠤᠭ ᠤᠨ ᠦᠪᠠᠷᠮᠢᠴᠠ ᠤᠨᠴᠠᠯᠢᠭ ᠠᠴᠠ ᠪᠤᠯᠵᠤ ᠬᠤᠷᠤᠳ ᠤᠨ ᠳᠦᠷᠦᠯ ᠵᠦᠢᠯ ᠪᠠ ᠬᠢᠭᠦ ᠠᠷᠭ᠎ᠠ ᠪᠦᠷ ᠠᠳᠠᠯᠢ ᠦᠭᠡᠢ ᠶᠤᠮ᠃ ᠭᠡᠭᠦ ᠳᠡᠭᠡᠨ ᠬᠤᠷᠤᠳ ᠢ ᠶᠠᠷᠦᠳᠡᠭᠡᠨ ᠰᠦᠨ ᠬᠤᠷᠤᠳ ᠪᠠ ᠠᠭᠠᠷᠴᠠᠠ ᠬᠤᠷᠤᠳ ᠭᠡᠵᠤ ᠬᠤᠶᠠᠷ ᠠᠩᠬᠢᠯᠠᠨ᠎ᠡ᠃ ᠰᠦᠨ ᠬᠤᠷᠤᠳ ᠭᠡᠪᠡᠯ ᠡᠭᠡᠳᠡᠭᠰᠡᠨ ᠰᠦ ᠪᠠᠨ ᠳᠤᠭᠤᠭᠠᠨ ᠳᠠᠭᠠᠨ ᠬᠢᠵᠤ ᠵᠦᠭᠡᠭ ᠭᠠᠯ ᠢᠶᠠᠷ ᠬᠠᠯᠠᠭᠠᠭᠠᠳ ᠭᠦᠰᠢᠭᠡᠭᠰᠡᠨ ᠤ ᠳᠠᠷᠠᠭ᠎ᠠ ᠰᠢᠷᠡᠰᠤ ᠶᠢ ᠨᠢ ᠰᠢᠬᠠᠵᠤ ᠠᠪᠤᠭᠠᠳ ᠭᠦᠰᠢᠭᠡᠭᠰᠡᠨ ᠰᠦ ᠪᠠᠨ ᠨᠤᠬᠤᠯᠤᠨ ᠨᠢᠭᠳᠠ ᠨᠡᠶᠢᠯᠡᠭᠦᠯᠵᠤ᠂ ᠬᠤᠷᠤᠳ ᠤᠨ ᠭᠡᠪ ᠲᠤ ᠬᠢᠵᠤ ᠳᠠᠷᠤᠰᠢᠭᠤᠯᠳᠠᠭ᠃ ᠠᠭᠠᠷᠴᠠᠨ ᠬᠤᠷᠤᠳ ᠭᠡᠪᠡᠯ ᠰᠦ ᠶᠢ ᠢᠰᠭᠡᠵᠤ ᠠᠶᠢᠷᠠᠭ ᠪᠤᠯᠭᠠᠭᠠᠳ ᠳᠠᠬᠢᠨ ᠠᠶᠢᠷᠠᠭ ᠢ ᠪᠤᠴᠠᠯᠭᠠᠵᠤ ᠠᠭᠠᠷᠴᠠ ᠪᠤᠯᠭᠠᠵᠤ ᠢᠯᠭᠠᠷᠠᠭᠤᠯᠤᠨ ᠭᠠᠷᠭᠠᠵᠤ ᠠᠪᠳᠠᠭ ᠶᠤᠮ᠃ ᠰᠦᠨ ᠬᠤᠷᠤᠳ ᠪᠤᠯ ᠠᠮᠳᠠᠯᠢᠭ᠂ ᠠᠭᠠᠷᠴᠠᠨ ᠬᠤᠷᠤᠳ ᠪᠤᠯ ᠭᠦᠴᠢᠯᠯᠢᠭ ᠠᠮᠳᠠᠳᠠᠢ᠃ ᠴᠠᠭᠠᠨᠴᠡᠴᠡᠭ᠄ ︽ᠰᠦᠨ ᠬᠤᠷᠤᠳ ᠪᠤᠯ ᠢᠳᠡᠭᠡᠨ ᠤ ᠳᠤᠳᠤᠷᠡᠬᠢ ᠬᠠᠮᠤᠭ ᠤᠨ ᠦᠯ ᠰᠢᠮ᠎ᠡ ᠲᠠᠢ ᠢᠳᠡᠭᠡᠨ ᠪᠤᠯᠤᠨ᠎ᠡ᠃ ᠭᠦᠮᠤᠨ ᠤ ᠪᠠᠶ᠎ᠡ ᠳᠤ ᠭᠡᠷᠡᠭᠴᠡᠭᠡ ᠲᠠᠢ ᠠᠮᠢᠨᠣ᠋ ᠬᠦᠴᠢᠯ ᠤᠯᠠᠨ ᠠᠭᠤᠯᠤᠭᠳᠠᠵᠤ ᠪᠠᠶᠢᠳᠠᠭ ᠠᠴᠠ ᠪᠠᠶ᠎ᠡ ᠶᠢᠨ ᠳᠡᠮᠢᠷ ᠢ ᠰᠠᠶᠢᠵᠢᠷᠠᠭᠤᠯᠵᠤ᠂ ᠡᠪᠡᠳᠴᠢᠨ ᠢ ᠡᠰᠡᠷᠭᠦᠴᠡᠭᠦ᠂ ᠡᠬᠡᠯᠢᠯᠠᠬᠦ ᠴᠢᠲᠠᠯ ᠢ ᠲᠠᠬᠡᠭᠰᠢᠯᠠᠬᠦᠯᠬᠦ ᠦᠢᠯᠡᠳᠤᠯ ᠲᠠᠢ᠃ ᠤᠢᠢᠷ᠎ᠡ ᠶᠢᠨ ᠵᠢᠯ ᠤᠨ ᠰᠤᠳᠤᠯᠭᠠᠨ ᠠᠴᠠ ᠦᠵᠡᠪᠡᠯ ᠰᠦ ᠶᠢ ᠪᠤᠯᠪᠠᠰᠤᠷᠠᠭᠤᠯᠤᠨ ᠬᠤᠷᠤᠳ ᠬᠢᠭᠦ ᠶᠠᠪᠤᠴᠠ ᠳᠤ ᠰᠦᠨ ᠤ ᠳᠤᠳᠤᠷ᠎ᠡ ᠠᠭᠤᠯᠤᠭᠳᠠᠬᠤ ᠨᠢᠭᠡ ᠵᠦᠢᠯ ᠤᠨ ᠤᠭᠤᠷᠠᠭ ᠤᠨ ᠵᠠᠳᠠᠷᠠᠨ ᠡᠭᠦᠰᠦᠭᠰᠡᠨ ᠪᠤᠳᠠᠰ ᠨᠢ ᠴᠢᠰᠤᠨ ᠢᠯᠳᠠᠰᠤ ᠶᠢᠨ ᠡᠭᠡᠳᠡᠭᠦ ᠶᠢ ᠬᠤᠷᠢᠭᠯᠠᠬᠤ ᠶᠢ ᠤᠯᠵᠤ ᠮᠡᠳᠡᠭᠰᠡᠨ ᠪᠠᠶᠢᠨ᠎ᠡ᠃ ᠡᠨᠡ ᠨᠢ ᠴᠢᠰᠤᠨ ᠳᠠᠷᠤᠯᠳᠠ ᠶᠢ ᠪᠠᠭᠤᠷᠠᠭᠤᠯᠬᠤ ᠵᠡᠷᠭᠡ ᠦᠢᠯᠡᠳᠤᠯ ᠲᠠᠢ ᠪᠠᠶᠢᠳᠠᠭ᠃ ᠠᠭᠠᠷᠴᠠᠨ ᠬᠤᠷᠤᠳ ᠨᠢ ᠬᠤᠤᠷ ᠢ ᠳᠠᠶᠢᠯᠤᠨ᠂ ᠰᠢᠮᠡᠵᠢᠭᠦᠯᠦᠨ ᠳᠠᠮᠢᠷᠵᠢᠭᠤᠯᠵᠤ᠂ ᠤᠮᠳᠠᠭᠠᠰᠬᠤ ᠶᠢ ᠵᠤᠭᠰᠤᠭᠠᠬᠤ ᠴᠢᠳᠠᠯ ᠲᠠᠢ᠃ ᠭᠤᠤᠯᠳᠠᠭᠤ ᠢᠳᠡᠭᠡᠨ ᠤ ᠬᠤᠤᠷ ᠪᠠ ᠡᠮ ᠤᠨ ᠬᠤᠤᠷ ᠢ ᠳᠠᠶᠢᠯᠵᠤ᠂ ᠤᠮᠳᠠᠭᠠᠰᠬᠤ ᠶᠢ ᠵᠤᠭᠰᠤᠭᠠᠨ᠎ᠡ᠃ ᠬᠤᠷᠤᠳ ᠪᠤᠯᠤᠨ ᠠᠭᠠᠷᠴᠠᠨ ᠬᠤᠷᠤᠳ ᠨᠢ ᠳᠡᠭᠰᠢ ᠴᠢᠨᠠᠷ ᠲᠠᠢ ᠪᠠᠶᠢᠵᠤ᠂ ᠸᠢᠲ᠋ᠠᠮᠢᠨ᠂ ᠦᠭᠡᠭᠦ᠂ ᠹᠤᠰᠹᠤᠷ᠂ ᠳᠡᠮᠤᠷ ᠵᠡᠷᠭᠡ ᠭᠦᠮᠤᠨ ᠤ ᠪᠠᠶ᠎ᠡ ᠳᠤ ᠳᠤᠰᠠᠳᠠᠢ ᠪᠢᠴᠢᠯ ᠡᠯᠧᠮᠧᠨ᠋ᠲ ᠡᠯᠪᠡᠭ ᠠᠭᠤᠯᠤᠭᠳᠠᠳᠠᠭ ᠠᠴᠠ ᠰᠢᠮ᠎ᠡ ᠳᠡᠵᠢᠭᠡᠯ ᠤᠨ ᠦᠨ᠎ᠡ ᠦᠷᠳᠡᠭ ᠮᠠᠰᠢ ᠦᠨᠳᠤᠷ ᠪᠠᠶᠢᠵᠤ᠂ ᠦᠯᠦ ᠬᠠᠯᠳᠠᠭᠠᠬᠤ ᠴᠢᠳᠠᠪᠤᠷᠢ ᠶᠢ ᠳᠡᠭᠡᠭᠰᠢᠯᠡᠭᠦᠯᠦᠨ᠂ ᠦᠩᠭᠡ ᠵᠢᠰᠤ ᠶᠢ ᠭᠤᠸᠠᠯᠢᠬᠵᠢᠭᠤᠯᠬᠤ ᠤᠬᠢ ᠰᠠᠶᠢᠨ ᠢᠳᠡᠭᠡᠨ ᠪᠤᠯᠤᠨ᠎ᠡ︾ ᠭᠡᠯ᠎ᠡ᠃            ᠮᠠᠨ ᠤ ᠠᠷᠠᠳ ᠳᠦᠮᠡᠨ ᠪᠠᠶᠢᠭᠠᠯᠢ᠂ ᠴᠠᠭ ᠠᠭᠤᠷ ᠤᠨ ᠨᠦᠭᠦᠴᠠᠯ ᠳᠤ ᠳᠤᠬᠢᠷᠠᠭᠤᠯᠤᠨ ᠰᠦ᠂ ᠴᠠᠭᠠᠨ ᠢᠳᠡᠭᠡᠨ ᠢᠶᠠᠷ ᠳᠦᠷᠦᠯ ᠪᠦᠷᠢ ᠶᠢᠨ ᠪᠦᠳᠦᠭᠡᠭᠳᠡᠭᠦᠨ ᠪᠤᠯᠪᠠᠰᠤᠷᠠᠭᠤᠯᠵᠤ᠂ ᠵᠢᠯ ᠤᠨ ᠳᠦᠷᠪᠡᠨ ᠤᠯᠠᠷᠢᠯ ᠳᠤ ᠵᠤᠬᠢᠴᠠᠭᠤᠯᠤᠨ ᠭᠦᠨᠡᠰᠤᠨ ᠳᠤ ᠪᠠᠨ ᠭᠡᠷᠡᠭᠯᠡᠳᠡᠭ ᠨᠢ ᠮᠤᠩᠭᠤᠯ ᠭᠦᠮᠤᠨ ᠤ ᠪᠠᠶ᠎ᠡ ᠳᠤ ᠭᠠᠶᠢᠬᠠᠮᠰᠢᠭᠳᠠᠢ ᠵᠤᠬᠢᠴᠠᠵᠤ᠂ ᠡᠷᠡᠭᠦᠯ ᠰᠠᠷᠠᠭᠤᠯ ᠠᠵᠤ ᠳᠦᠷᠦᠭᠦ ᠦᠨᠳᠤᠰᠤ ᠪᠤᠯᠤᠭᠰᠠᠭᠠᠷ ᠢᠷᠡᠭᠰᠡᠨ ᠶᠤᠮ᠃ ᠴᠠᠭᠠᠨᠴᠡᠴᠡᠭ ᠡᠮᠴᠢ᠄ ︽ᠬᠠᠬᠢᠷ ᠬᠠᠳᠠᠭᠤ ᠭᠦᠢᠳᠡᠨ ᠤ ᠤᠯᠠᠷᠢᠯ ᠳᠤ ᠳᠠᠷᠬᠠᠯᠠᠭ᠎ᠠ ᠰᠠᠷᠭᠦᠭᠡᠵᠤ ᠶᠠᠳᠠᠷᠠᠭ᠎ᠠ ᠳᠠᠶᠢᠯᠬᠤ ᠳᠤ ᠠᠭᠠᠷᠴᠠᠨ ᠬᠤᠷᠤᠳ ᠲᠠᠢ ᠪᠠᠩᠰᠢ ᠲᠠᠢ ᠱᠦᠯᠦ ᠢᠳᠡᠳᠡᠭ᠃ ᠬᠤᠳᠤᠭᠤᠳᠤ ᠳᠠᠯᠢᠭᠦᠦ ᠶᠢᠨ ᠳᠠᠮᠢᠷ ᠳᠤᠷᠦ᠋ᠢᠳᠠᠵᠤ ᠤᠯᠠᠭᠠᠨ ᠴᠠᠭᠠᠨ ᠢᠶᠠᠷ ᠶᠤᠯᠬᠤᠳᠠᠰᠤᠯᠠᠬᠤ ᠳᠤ ᠬᠤᠷᠤᠳ ᠲᠠᠢ ᠭᠤᠯᠢᠷ ᠢᠳᠡᠭᠡᠨ ᠢᠶᠠᠷ ᠡᠮᠨᠡᠳᠡᠭ᠃ ᠬᠤᠷᠤᠳ ᠮᠢᠬ᠎ᠠ ᠶᠢᠨ ᠵᠠᠭᠤᠰᠢ ᠨᠢ ᠳᠠᠪᠤᠨ ᠴᠤᠯᠤ ᠶᠢ ᠰᠠᠯᠪᠢᠨ ᠰᠠᠶᠢᠵᠢᠷᠠᠭᠤᠯᠤᠨ᠎ᠡ᠃ ᠬᠤᠤᠷᠳᠤ ᠮᠤᠭᠠᠢ ᠰᠢᠪᠠᠵᠢ ᠬᠤᠷᠤᠬᠠᠢ ᠳᠤ ᠬᠠᠵᠠᠭᠳᠠᠪᠠᠯ ᠴᠠᠭ᠎ᠠ ᠶᠢᠨ ᠳᠤᠭᠰᠢᠨ ᠰᠢᠷᠡᠰᠤ ᠪᠠᠷ ᠤᠬᠢᠶᠠᠬᠤ ᠪᠤᠶᠤ ᠠᠭᠠᠷᠴᠠ ᠰᠢᠪᠠᠵᠤ ᠬᠤᠤᠷ ᠢ ᠨᠢ ᠳᠠᠶᠢᠯᠳᠠᠭ ᠵᠡᠷᠭᠡ ᠤᠯᠠᠨ ᠤᠯᠠᠮᠵᠢᠯᠠᠯᠳᠤ ᠵᠤᠷ ᠤᠳ ᠪᠤᠢ᠃ ᠡᠭᠦᠨ ᠠᠴᠠ ᠭᠠᠳᠠᠨ᠎ᠡ ᠠᠭᠠᠷᠴᠠᠨ ᠬᠤᠷᠤᠳ ᠢ ᠵᠢᠵᠢᠭᠯᠡᠭᠡᠳ ᠶᠠᠰᠤ ᠴᠢᠨᠠᠭᠰᠠᠨ ᠱᠦᠯᠦ᠂ ᠮᠢᠬ᠎ᠠ ᠲᠠᠢ ᠪᠤᠳᠠᠭ᠎ᠠ ᠵᠢᠴᠢ ᠮᠢᠬᠠᠨ ᠱᠦᠯᠦ ᠲᠠᠢ ᠮᠢᠨᠲᠤᠤᠷ ᠲᠤ ᠬᠢᠵᠤ᠂ ᠱᠦᠯᠦ ᠶᠢ ᠭᠦᠴᠢᠯᠯᠢᠭ ᠠᠮᠳᠠᠳᠠᠢ ᠪᠤᠯᠭᠠᠨ ᠢᠳᠡᠳᠡᠭ᠃ ᠪᠠᠰᠠ ᠵᠠᠷᠢᠮ ᠠᠶᠢᠯ ᠬᠠᠷ᠎ᠡ ᠱᠦᠯᠦ ᠪᠤᠯᠤᠨ ᠪᠤᠤᠵᠠ᠂ ᠪᠠᠩᠰᠢ ᠶᠢᠨ ᠨᠠᠶᠢᠷᠠᠯᠭ᠎ᠠ ᠳᠤ ᠠᠭᠠᠷᠴᠠᠨ ᠬᠤᠷᠤᠳ ᠬᠢᠵᠤ ᠢᠳᠡᠳᠡᠭ᠃ ᠡᠨᠡ ᠨᠢ ᠪᠦᠷ ᠬᠤᠭᠤᠯᠠ ᠪᠤᠳᠠᠭ᠎ᠠ ᠶᠢ ᠰᠢᠩᠭᠡᠭᠡᠭᠦ᠂ ᠬᠤᠳᠤᠭᠤᠳᠤ ᠭᠡᠳᠡᠰᠤ ᠶᠢ ᠴᠢᠬᠢᠷᠠᠭᠵᠢᠭᠤᠯᠬᠤ᠂ ᠶᠠᠳᠠᠷᠠᠭ᠎ᠠ ᠳᠠᠶᠢᠯᠬᠤ ᠵᠢᠴᠢ ᠭᠦᠴᠤ ᠴᠢᠳᠠᠯ ᠢ ᠨᠡᠮᠡᠭᠳᠡᠭᠦᠯᠭᠦ ᠦᠢᠯᠡᠳᠤᠯ ᠲᠠᠢ ᠶᠤᠮ ᠃ ᠦᠷᠯᠦᠭᠡ ᠰᠦ ᠲᠠᠢ ᠴᠠᠢ ᠳᠤ ᠪᠠᠨ ᠭᠡᠳᠤᠨ ᠵᠦᠰᠦᠮ ᠬᠤᠷᠤᠳ ᠬᠢᠭᠡᠳ ᠤᠤᠭᠤᠪᠠᠯ ᠬᠠᠭᠠᠰ ᠡᠳᠤᠷ ᠦᠯᠦᠰᠴᠤ ᠤᠮᠳᠠᠭᠠᠰᠬᠤ ᠦᠭᠡᠢ ᠦᠯ ᠲᠠᠢ ᠪᠠᠶᠢᠳᠠᠭ᠃ ᠳᠡᠷᠡᠴᠢᠯᠡᠨ ᠡᠳᠤᠷ ᠪᠦᠷᠢ ᠬᠤᠷᠤᠳ ᠲᠠᠢ ᠴᠠᠢ ᠤᠤᠭᠤᠬᠤ ᠨᠢ ᠪᠠᠶ᠎ᠡ ᠮᠠᠬᠠᠪᠤᠳ ᠢ ᠴᠢᠬᠢᠷᠠᠭᠵᠢᠭᠤᠯᠤᠨ᠂ ᠡᠭᠡᠯᠢᠯᠡᠭᠦ ᠴᠢᠳᠠᠯ ᠢ ᠶᠠᠭᠡᠪᠠᠷ ᠨᠡᠮᠡᠭᠳᠡᠭᠦᠯᠳᠡᠭ᠃ ᠭᠡᠪᠡᠴᠤ ᠬᠤᠷᠤᠳ ᠨᠢ ᠰᠢᠩᠭᠡᠭᠦ ᠳᠤ ᠤᠳᠠᠭᠠᠨ ᠤᠴᠢᠷ ᠠᠴᠠ ᠰᠢᠩᠭᠡᠭᠡᠯᠳᠡ ᠳᠤᠷᠤᠢ ᠭᠦᠮᠤᠰ ᠭᠡᠳᠦᠷᠭᠡᠢ ᠠᠷᠪᠢᠨ ᠢᠳᠡᠵᠤ ᠪᠤᠯᠬᠤ ᠦᠭᠡᠢ᠂ ᠬᠤᠷᠤᠳ ᠲᠤ ᠫᠦᠷᠢᠨ ᠠᠷᠪᠢᠨ ᠠᠭᠤᠯᠤᠭᠳᠠᠬᠤ ᠤᠴᠢᠷ ᠠᠴᠠ ᠦᠷᠭᠡᠰᠤᠳᠤ ᠬᠠᠪᠤᠳᠠᠷ ᠲᠠᠢ ᠡᠪᠡᠳᠴᠢᠳᠠᠨ ᠵᠢᠴᠢ ᠴᠢᠰᠤᠨ ᠳᠠᠬᠢ ᠰᠢᠭᠡᠰᠤᠨ ᠭᠦᠴᠢᠯ ᠤᠨ ᠦᠳᠭᠡᠴᠡ ᠦᠨᠳᠤᠷᠵᠢᠭᠰᠡᠨ ᠭᠦᠮᠤᠰ ᠬᠢᠴᠢᠶᠠᠭᠦ ᠭᠡᠷᠡᠭᠳᠡᠢ᠃ ᠮᠦᠨ ᠴᠤ ᠬᠤᠷᠤᠳ ᠲᠤ ᠶᠡᠭᠡ ᠬᠡᠮᠵᠢᠶᠠᠨ ᠤ ᠠᠮᠢᠨᠣ᠋ ᠭᠦᠴᠢᠯ ᠠᠭᠤᠯᠤᠭᠳᠠᠬᠤ ᠤᠴᠢᠷ ᠠᠴᠠ ᠭᠡᠳᠤ ᠠᠷᠪᠢᠨ ᠢᠳᠡᠪᠡᠯ ᠨᠦᠢᠷ ᠬᠤᠯᠵᠢᠭᠤᠯᠳᠠᠭ︾ ᠭᠡᠮᠡᠨ ᠵᠦᠪᠯᠡᠪᠠ᠃            ᠴᠠᠪᠠᠷ ᠰᠠᠶᠢᠬᠠᠨ ᠬᠠᠳᠠᠭᠠᠭᠰᠠᠨ ᠬᠤᠷᠤᠳ ᠪᠤᠯᠤᠨ ᠠᠭᠠᠷᠴᠠᠨ ᠬᠤᠷᠤᠳ ᠢ ᠨᠢᠭᠡ ᠵᠢᠯ ᠬᠠᠳᠠᠭᠠᠯᠠᠨ ᠢᠳᠡᠭᠦ ᠳᠤ ᠦᠨᠤᠷ ᠠᠮᠳᠠ ᠵᠢᠴᠢ ᠰᠢᠮ᠎ᠡ ᠳᠡᠵᠢᠭᠡᠯ ᠨᠢ ᠤᠤᠯ ᠶᠠᠩᠵᠤ ᠪᠠᠷ ᠢᠶᠠᠨ ᠪᠠᠶᠢᠳᠠᠭ ᠶᠤᠮ᠃ ᠳᠡᠷᠡᠴᠢᠯᠡᠨ ᠤᠳᠠᠭᠠᠨ ᠵᠢᠯ ᠬᠠᠳᠠᠭᠠᠯᠠᠭᠰᠠᠨ ᠠᠭᠠᠷᠴᠠᠨ ᠬᠤᠷᠤᠳ ᠢ ᠭᠡᠳᠡᠰᠤ ᠬᠤᠳᠤᠭᠤᠳᠤᠨ ᠤ ᠬᠠᠭᠤᠴᠢᠨ ᠡᠪᠡᠳᠴᠢᠨ ᠲᠠᠢ ᠭᠦᠮᠤᠨ ᠴᠢᠨᠠᠵᠤ ᠤᠤᠭᠤᠪᠠᠰᠤ ᠬᠤᠤᠷ ᠢ ᠠᠷᠢᠭᠤᠳᠬᠠᠬᠤ ᠴᠢᠳᠠᠯ ᠢᠶᠠᠷ ᠶᠡᠭᠡ ᠰᠠᠶᠢᠨ ᠭᠡᠵᠤ ᠨᠤᠮ ᠰᠤᠳᠤᠷ ᠲᠤ ᠳᠡᠮᠳᠡᠭᠯᠡᠵᠤ ᠪᠤᠢ᠃  
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号