ᠴᠢᠰᠣᠨ ᠪᠣᠣᠵᠠ ᠶᠢᠨ ᠰᠢᠮ᠎ᠡ ᠲᠡᠵᠢᠭᠡᠯ
ᠨᠡᠶᠢᠲᠡᠯᠡᠭᠰᠡᠨ ᠴᠠᠭ᠄
2021/5/24
     ᠪᠣᠣᠵᠠ ᠶᠢ ᠮᠢᠬᠠᠨ ᠪᠣᠣᠵᠠ᠂ ᠴᠢᠰᠣᠨ ᠪᠣᠣᠵᠠ᠂ ᠬᠠᠯᠠᠭᠠᠢ ᠶᠢᠨ ᠪᠣᠣᠵᠠ ᠬᠡᠭᠦᠴᠢᠯᠡᠨ ᠤᠯᠠᠨ ᠶᠠᠩᠵᠦ ᠪᠠᠷ ᠬᠢᠵᠦ ᠪᠣᠯᠳᠠᠭ᠂ ᠴᠢᠰᠣᠨ ᠪᠣᠣᠵᠠ ᠶᠢ ᠴᠢᠳᠬᠤᠭᠰᠠᠨ ᠬᠡᠳᠡᠰᠦ ᠪᠣᠶᠣ ᠡᠪᠣᠯ ᠬᠠᠪᠣᠷ ᠤᠨ ᠣᠯᠠᠷᠢᠯ ᠳᠤ ᠵᠠᠶᠢᠳᠠᠰᠣ  ᠪᠠᠷ ᠭᠤᠣᠯ ᠨᠠᠶᠢᠷᠠᠯᠭ᠎ᠠ ᠪᠣᠯᠭᠠᠵᠦ ᠬᠢᠳᠡᠭ ᠶᠤᠮ᠃ ᠡᠶᠢᠨᠬᠦ ᠴᠢᠰᠣᠨ ᠪᠣᠣᠵᠠᠨ ᠤ ᠰᠢᠮ᠎ᠡ ᠲᠠᠵᠢᠭᠡᠯ ᠢ ᠨᠠᠷᠢᠨ ᠣᠶᠢᠯᠠᠭᠠᠬᠤ ᠪᠠᠷ ᠰᠢᠯᠢᠨ ᠭᠤᠣᠯ ᠠᠶᠢᠮᠠᠭ ᠤᠨ ᠮᠣᠩᠭᠤᠯ ᠡᠮᠨᠡᠯᠭᠡ ᠶᠢᠨ ᠬᠤᠷᠢᠶᠠᠨ ᠤ ᠣᠯᠠᠮᠵᠢᠯᠠᠯᠲᠦ ᠡᠮᠴᠢᠯᠡᠭᠡᠨ ᠤ ᠲᠠᠰᠤᠭ ᠤᠨ ᠡᠮᠴᠢ ᠬᠠᠰᠳᠣᠶᠠᠭ᠎ᠠ ᠶᠢ ᠰᠣᠷᠪᠣᠯᠵᠢᠯᠠᠯ᠎ᠠ᠃          ᠬᠤᠨᠢ ᠮᠠᠯ ᠤᠨ ᠴᠢᠰᠦ ᠶᠢ ᠮᠣᠩᠭᠤᠯᠴᠣᠳ ᠭᠤᠣᠯᠳᠠᠭᠤ ᠬᠡᠳᠡᠰᠦᠨ ᠳᠤ ᠴᠢᠳᠬᠤᠵᠦ ᠢᠳᠡᠳᠡᠭ᠃ ᠶᠡᠷᠦ  ᠳᠡᠭᠡᠨ ᠵᠢᠯ ᠤᠨ ᠲᠦᠷᠪᠡᠨ ᠣᠯᠠᠷᠢᠯ ᠳᠤ ᠴᠢᠳᠬᠤᠳᠠᠭ ᠴᠦ ᠣᠯᠠᠩᠬᠢ ᠨᠢ ᠡᠪᠣᠯ ᠤᠨ ᠢᠳᠡᠰᠢᠨ ᠳᠡᠭᠡᠨ ᠴᠢᠳᠬᠤᠭᠰᠠᠨ ᠭᠡᠳᠡᠰᠦ ᠪᠠᠨ ᠬᠡᠰᠡᠭᠯᠡᠨ ᠵᠠᠶᠢᠳᠠᠰᠣᠯᠠᠵᠦ ᠬᠦᠯᠳᠡᠭᠡᠵᠦ ᠬᠠᠳᠠᠭᠠᠯᠠᠨ ᠢᠳᠡᠳᠡᠭ ᠪᠣᠯ ᠵᠠᠷᠢᠮ ᠳᠠᠭᠠᠨ ᠴᠢᠨᠠᠭᠰᠠᠨ ᠵᠠᠶᠢᠳᠠᠰᠣ ᠪᠠᠨ ᠲᠠᠳᠠᠭᠠᠳ᠂ ᠪᠣᠣᠵᠠ ᠪᠣᠭᠤᠵᠦ ᠢᠳᠡᠳᠡᠭ᠃ ᠴᠢᠰᠣᠨ ᠪᠣᠣᠵᠠ ᠨᠢ ᠦᠪᠡᠷᠮᠢᠴᠡ ᠠᠮᠳᠠᠳᠠᠢ ᠪᠦᠭᠡᠳ ᠰᠢᠮ᠎ᠡ ᠲᠡᠵᠢᠭᠡᠯ ᠰᠠᠶᠢᠳᠠᠢ ᠪᠠᠶᠢᠳᠠᠭ ᠠᠵᠢ᠃ ᠡᠨᠡ ᠲᠣᠬᠠᠢ ᠬᠠᠰᠳᠣᠶᠠᠭ᠎ᠠ ᠡᠮᠴᠢ ᠬᠡᠯᠡᠬᠦ ᠳᠡᠭᠡᠨ᠄          ᠮᠠᠯ ᠤᠨ ᠴᠢᠰᠦ ᠪᠣᠯ ᠴᠢᠰᠦᠨ ᠡᠭᠡᠳᠡᠩ ᠪᠣᠯᠣᠨ ᠣᠯᠠᠨ ᠲᠦᠷᠦᠯ ᠤᠨ ᠪᠢᠴᠢᠯ ᠡᠯᠧᠮᠧᠨ᠋ᠲ᠂ ᠴᠢᠰᠦᠨ ᠡᠭᠡᠳᠡᠩ ᠤᠨ ᠣᠭᠤᠷᠠᠭ ᠵᠡᠷᠭᠡ ᠭᠤᠣᠯ ᠣᠭᠤᠷᠠᠭ ᠤᠨ ᠲᠦᠷᠦᠯ ᠢ ᠬᠠᠩᠭᠠᠳᠠᠭ᠃ ᠮᠥᠨ ᠡᠪᠡᠳᠴᠢᠨ ᠡᠰᠡᠷᠬᠦᠴᠡᠬᠦ ᠴᠢᠳᠠᠪᠣᠷᠢ ᠲᠠᠢ ᠪᠠᠶᠢᠳᠠᠭ ᠠᠴᠠ ᠪᠡᠶ᠎ᠡ ᠶᠢ ᠴᠢᠬᠢᠷᠠᠭᠵᠢᠭᠤᠯᠬᠤ ᠬᠦᠨᠡᠰᠦ ᠪᠣᠯᠣᠨ᠎ᠠ᠃ ᠮᠠᠯ ᠤᠨ ᠴᠢᠰᠦ ᠪᠠᠷ ᠬᠢᠭᠰᠡᠨ ᠬᠤᠭᠤᠯᠠ ᠨᠢ ᠲᠡᠮᠣᠷ ᠤᠨ ᠲᠣᠳᠠᠭᠳᠠᠯ ᠠᠴᠠ ᠰᠡᠷᠭᠡᠶᠢᠯᠡᠬᠦ᠂ ᠪᠡᠶ᠎ᠡ ᠮᠠᠬᠠᠪᠣᠳ ᠢ ᠬᠠᠷᠰᠢᠯᠠᠯ ᠠᠴᠠ ᠬᠠᠮᠠᠭᠠᠯᠠᠬᠤ ᠳᠤ ᠲᠣᠰᠠᠳᠠᠢ ᠶᠤᠮ᠃ ᠭᠡᠪᠡᠴᠦ ᠭᠠᠵᠠᠷ ᠭᠠᠵᠠᠷ ᠤᠨ ᠴᠢᠰᠦᠨ ᠪᠣᠣᠵᠠ ᠬᠢᠬᠦ ᠠᠷᠭ᠎ᠠ᠂ ᠠᠮᠳᠠᠯᠠᠭᠴᠢ᠂ ᠬᠤᠯᠢᠴᠠ ᠨᠣᠭᠤᠭ᠎ᠠ ᠨᠢ ᠠᠳᠠᠯᠢ ᠦᠭᠡᠢ ᠣᠴᠢᠷ ᠠᠴᠠ ᠠᠮᠳᠠ᠂ ᠰᠢᠮ᠎ᠡ ᠲᠡᠵᠢᠭᠡᠯ᠂ ᠦᠢᠯᠡ ᠬᠡᠷᠡᠭ ᠨᠢ ᠴᠦ ᠠᠳᠠᠯᠢ ᠦᠭᠡᠢ ᠪᠠᠶᠢᠳᠠᠭ ᠭᠡᠯ᠎ᠡ᠃          ᠡᠷᠳᠡ ᠦᠶ᠎ᠡ ᠳᠤ ᠮᠣᠩᠭᠤᠯᠴᠣᠳ ᠪᠠᠶᠢᠩᠭᠤ ᠵᠠᠶᠢᠳᠠᠰᠣ ᠢᠳᠡᠳᠡᠭ ᠠᠴᠠ ᠴᠢᠰᠦ ᠪᠠᠭᠠᠳᠠᠯᠲᠠ ᠡᠪᠡᠳᠴᠢᠨ ᠪᠠᠷᠤᠭ ᠪᠠᠶᠢᠭ᠎ᠠ ᠦᠭᠡᠢ᠃ ᠡᠨᠡ ᠨᠢ ᠪᠠᠶᠢᠭᠠᠯᠢ ᠶᠢᠨ ᠪᠣᠯᠣᠨ ᠠᠮᠢᠳᠠᠨ ᠤ ᠭᠠᠷᠣᠯ ᠲᠠᠢ ᠵᠢᠩᠬᠢᠨᠢ ᠣᠭᠤᠷᠠᠭ ᠪᠦᠳᠦᠭᠡᠭᠳᠡᠭᠦᠨ ᠢ ᠬᠤᠭᠤᠯᠠ ᠬᠦᠨᠡᠰᠦᠨ ᠳᠤ ᠦᠷᠬᠦᠯᠵᠢ ᠬᠡᠷᠡᠭᠯᠡᠭᠰᠡᠨ ᠤ ᠠᠴᠢ ᠲᠣᠰᠠ ᠪᠠᠶᠢᠬᠤ ᠪᠣᠯᠣᠮᠵᠢ ᠲᠠᠢ᠃          ᠴᠢᠰᠣᠨ ᠪᠣᠣᠵᠠ ᠨᠢ ᠶᠡᠭᠡ ᠦᠯ ᠰᠢᠮ᠎ᠡ ᠲᠠᠢ ᠬᠤᠭᠤᠯᠠ ᠣᠴᠢᠷ ᠠᠴᠠ ᠣᠶᠢᠷ᠎ᠠ ᠣᠶᠢᠷᠠᠬᠠᠨ᠂ ᠬᠡᠳᠦᠷᠡᠭᠦᠯᠵᠦ ᠢᠳᠡᠬᠦ ᠨᠢ ᠬᠦᠮᠦᠨ ᠤ ᠡᠷᠡᠭᠦᠯ ᠮᠡᠨᠳᠦ ᠳᠤ ᠰᠦᠷᠭᠡᠤ ᠨᠦᠯᠦᠭᠡ ᠦᠵᠡᠭᠦᠯᠳᠡᠭ ᠶᠤᠮ᠃      ᠬᠠᠰᠳᠣᠶᠠᠭ᠎ᠠ ᠡᠮᠴᠢ᠄ ᠴᠢᠰᠣᠨ ᠪᠣᠣᠵᠠ ᠶᠢ ᠦᠷᠬᠦᠯᠵᠢ ᠢᠳᠡᠳᠡᠭ ᠦᠭᠡᠢ᠂ ᠭᠤᠣᠯᠳᠠᠭᠤ ᠡᠪᠣᠯ ᠬᠠᠪᠣᠷ ᠤᠨ ᠣᠯᠠᠷᠢᠯ ᠳᠤ ᠬᠠᠶᠠ ᠬᠢᠵᠦ ᠢᠳᠡᠳᠡᠭ᠃ ᠴᠢᠰᠣᠨ ᠪᠣᠣᠵᠠ ᠶᠢ ᠦᠷᠭᠦᠯᠵᠢ ᠢᠳᠡᠭᠦ ᠪᠣᠶᠣ ᠨᠢᠭᠡ ᠣᠳᠠᠭ᠎ᠠ ᠶᠡᠭᠡ ᠪᠠᠷ ᠢᠳᠡᠭᠦ ᠨᠢ ᠡᠷᠡᠭᠦᠯ ᠮᠡᠨᠳᠦ ᠳᠤ ᠠᠰᠢᠭ ᠦᠭᠡᠢ ᠶᠤᠮ᠃ ᠣᠴᠢᠷ ᠨᠢ ᠴᠢᠰᠣᠨ ᠪᠦᠳᠦᠭᠡᠭᠳᠡᠬᠦᠨ ᠨᠢ ᠬᠠᠯᠠᠭᠤᠨ ᠴᠢᠨᠠᠷᠲᠠᠢ ᠲᠣᠯᠠ ᠬᠠᠭᠤᠴᠢᠷᠠᠭᠰᠠᠨ ᠬᠠᠯᠭᠤᠨ᠂ ᠠᠷᠬᠠᠭ ᠡᠪᠡᠳᠴᠢᠨ ᠢ ᠠᠮᠠᠷᠬᠠᠨ ᠬᠦᠳᠡᠯᠭᠡᠳᠡᠭ᠃ ᠡᠶᠢᠮᠦ ᠠᠴᠠ ᠬᠡᠳᠦᠷᠡᠳᠡᠯ᠎ᠡ ᠢᠳᠡᠭᠦ ᠠᠴᠠ ᠲᠠᠲᠠᠭᠠᠯᠵᠠᠬᠤ ᠬᠡᠷᠡᠭᠳᠡᠢ ᠬᠡᠮᠡᠨ ᠵᠦᠪᠯᠠᠪᠡ᠃  
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号