ᠦᠬᠡᠷ ᠢᠯᠢᠳᠦ ᠠᠩᠬ᠎ᠠ ᠡᠬᠢᠯᠡᠬᠦ ᠲᠡᠭᠡᠨ ᠨᠠᠷᠢᠨ ᠪᠤᠳᠠᠭᠠᠨ ᠤ ᠬᠢᠷᠢ ᠤᠯᠠᠭᠠᠨ ᠦᠩᠭᠡ ᠲᠠᠢ ᠭᠥᠪᠲᠦᠷᠦᠦ | ᠭᠠᠷᠤᠨ᠎ᠠ᠃ ᠭᠠᠳᠠᠷ ᠲᠠᠯ᠎ᠠ ᠳᠤᠨᠢ ᠴᠦᠬᠡᠪᠳᠦᠷ ᠬᠠᠯᠢᠰᠤᠯᠢᠭ ᠬᠠᠭ ᠲᠠᠢ᠃ ᠤᠯᠠᠪᠤᠷ ᠦᠩᠭᠡ ᠲᠠᠢ ᠲᠤᠪᠤᠭᠠᠷ | ᠭᠥᠪᠲᠦᠷᠦᠦ ᠭᠠᠷᠴᠤ ᠲᠠᠷᠠᠭ᠎ᠠ ᠨᠢ ᠭᠥᠪᠲᠦᠷᠦᠦ ᠨᠢ ᠤᠯᠠᠮ ᠢᠶᠠᠷ ᠶᠡᠬᠡᠳᠴᠦ ᠬᠠᠷᠢᠯᠴᠠᠨ ᠨᠡᠶᠢᠯᠡᠭᠡᠳ ᠬᠢᠮᠤᠰᠤᠨ | ᠲᠤᠯᠢ ᠪᠤᠶᠤ ᠭᠠᠷ ᠤᠨ ᠠᠯᠭᠠᠨ ᠤ ᠬᠢᠷᠢ ᠠᠳᠠᠯᠢ ᠪᠤᠰᠤ ᠶᠢᠨ ᠲᠤᠯᠪᠤ ᠭᠡᠰᠡᠭ ᠤᠳ ᠪᠤᠢ ᠪᠤᠯᠤᠨ᠎ᠠ᠃ ᠬᠦᠪᠡᠭᠡ ᠨᠢ | ᠲᠤᠳᠤᠷᠬᠠᠢ ᠪᠦᠭᠡᠳ ᠤᠭ ᠨᠢ ᠤᠯᠠᠶᠢᠵᠤ ᠭᠠᠳᠠᠷ ᠬᠠᠭ ᠨᠢ ᠠᠭᠠᠵᠢᠮ ᠢᠶᠠᠷ ᠨᠡᠮᠡᠭᠳᠡᠨ ᠵᠤᠵᠠᠭᠠᠷᠠᠨ᠎ᠠ᠃ | ᠬᠠᠪᠳᠠᠭᠠᠢ ᠬᠤᠯᠤᠰᠤ ᠪᠤᠶᠤ ᠮᠤᠳᠤ ᠪᠠᠷ ᠡᠪᠡᠳᠴᠢᠨ ᠲᠠᠢ ᠭᠡᠰᠡᠭ ᠢ ᠬᠤᠰᠤᠬᠤ ᠳᠤ ᠴᠠᠭᠠᠨ ᠦᠩᠭᠡ ᠲᠠᠢ | ᠲᠠᠪᠬᠤᠷ ᠲᠠᠪᠬᠤᠷ ᠨᠢᠮᠭᠡᠨ ᠬᠠᠯᠢᠰᠤᠯᠢᠭ ᠬᠠᠭ ᠤᠨᠠᠳᠠᠭ᠃ ᠬᠤᠰᠤᠵᠤ ᠤᠨᠠᠭᠰᠠᠨ ᠤ ᠬᠤᠶᠢᠨ᠎ᠠ ᠤᠪ ᠤᠯᠠᠭᠠᠨ | ᠦᠩᠭᠡ ᠲᠠᠢ ᠭᠦᠯᠢᠭᠡᠷ ᠬᠦᠷᠦᠰᠦ ᠢᠯᠡᠷᠡᠬᠦ ᠪᠤᠶᠤ ᠤᠯᠠᠪᠳᠤᠷ ᠴᠠᠶᠢᠪᠤᠷ ᠦᠵᠡᠭᠳᠡᠳᠡᠭ ᠶᠤᠮ᠃ ᠡᠨᠡ ᠪᠤᠯ ᠦᠬᠡᠷ | ᠢᠯᠢᠳᠦᠨ ᠤ ᠤᠨᠴᠠᠯᠢᠭ ᠮᠦᠨ᠃ | ᠲᠦᠷᠪᠡᠨ ᠮᠦᠴᠢ ᠪᠠ ᠨᠢᠭᠤᠷ᠂ ᠬᠤᠶᠢᠬ᠎ᠠ᠂ ᠨᠢᠷᠤᠭᠤ ᠵᠡᠷᠭᠡ ᠳᠤ ᠠᠮᠠᠷᠬᠠᠨ ᠭᠠᠷᠳᠠᠭ᠂ ᠲᠤᠰ ᠡᠪᠡᠳᠴᠢᠨ | ᠬᠠᠯᠳᠠᠪᠤᠷᠢᠯᠠᠬᠤ ᠦᠭᠡᠢ ᠪᠦᠭᠡᠳ ᠡᠳᠡᠭᠡᠷᠡᠬᠦ ᠳᠤ ᠬᠦᠴᠢᠷ ᠲᠠᠢ ᠤᠳᠠᠭᠠᠨ ᠴᠢᠨᠠᠷ ᠲᠠᠢ ᠡᠪᠡᠳᠴᠢᠨ ᠪᠤᠯᠤᠨ᠎ᠠ᠃ | ᠡᠪᠡᠳᠴᠢᠨ ᠬᠦᠨᠳᠦᠷᠪᠡᠯ ᠦᠶ᠎ᠡ ᠬᠡᠰᠢᠭᠦᠦ ᠬᠤᠷᠯᠠᠬᠤ᠂ ᠪᠦᠬᠦ ᠪᠡᠶ᠎ᠡ ᠶᠢᠨ ᠠᠷᠠᠰᠤ ᠤᠯᠠᠶᠢᠵᠤ ᠬᠠᠪᠤᠳᠬᠤ ᠪᠤᠶᠤ | ᠢᠳᠡᠭᠡ ᠰᠢᠭᠦᠰᠦ ᠭᠤᠭᠤᠵᠢᠵᠤ ᠰᠡᠳᠬᠢᠯ ᠰᠠᠨᠠᠭᠠᠨ ᠳᠤ ᠬᠦᠨᠳᠦ ᠨᠤᠴᠢᠲᠠᠢ ᠲᠠᠷᠤᠭᠠᠰᠤ ᠠᠪᠴᠢᠷᠠᠳᠠᠭ ᠪᠠᠶᠢᠨ᠎ᠠ᠃ | ᠵᠠᠰᠠᠬᠤ ᠠᠷᠭ᠎ᠠ᠄ | ᠪᠡᠶ᠎ᠡ ᠮᠠᠬᠠᠪᠤᠳ ᠢ ᠲᠡᠭᠰᠢᠳᠬᠡᠨ᠂ ᠲᠤᠩᠭᠠᠯᠠᠭ ᠴᠦᠪᠤᠨ ᠢᠯᠭᠠᠷᠠᠯᠳᠠᠶᠢ ᠰᠠᠶᠢᠵᠢᠷᠠᠭᠤᠯᠤᠨ᠂ ᠰᠢᠷ᠎ᠠ ᠤᠰᠤ ᠶᠢ | ᠬᠠᠳᠠᠭᠠᠵᠤ᠂ ᠨᠢᠶᠠᠨᠢ ᠨᠢᠳᠤᠯᠠᠬᠤ ᠠᠷᠭᠠᠪᠠᠷ ᠵᠠᠰᠠᠳᠠᠭ᠃ ᠡᠭᠦᠨ ᠳᠤ ᠭᠤᠤᠯᠳᠠᠭᠤ ᠲᠠᠩᠴᠢᠨ—25᠂ ᠲᠤᠩᠭᠠᠯᠠᠭ—5᠂ | ᠰᠧᠩᠳᠡᠩ—4᠂ ᠮᠦᠩᠭᠦᠨ ᠤᠰᠤ—18᠂ ᠳ᠋ᠠ ᠣᠤᠨ ᠨᠤᠷᠴᠦᠩ ᠵᠡᠷᠭᠡ ᠡᠮ ᠢ ᠬᠡᠷᠡᠭᠯᠡᠳᠡᠭ ᠶᠤᠮ᠃ | ᠦᠬᠡᠷ ᠢᠯᠢᠳᠦ—11 ﹇ᠵᠤᠷ ᠤᠨ ᠢᠷᠡᠯᠳᠡ ᠨᠢᠭᠤᠴᠠ﹈ ᠶᠢ ᠲᠦᠷᠬᠢᠬᠦ ᠪᠤᠶᠤ ᠮᠤᠩᠭᠤᠯ ᠲᠦᠪᠡᠳ ᠡᠮ ᠢ | ᠬᠠᠪᠰᠤᠷᠴᠤ ᠵᠠᠰᠠᠪᠠᠯ ᠡᠳᠡᠭᠡᠷᠡᠵᠦ ᠡᠷᠡᠭᠦᠯᠰᠢᠬᠦ ᠨᠢ ᠲᠦᠷᠭᠡᠨ ᠤᠭ ᠦᠭᠡᠢ ᠰᠠᠶᠢᠬᠠᠨ ᠪᠤᠯᠴᠢᠬᠠᠳᠠᠭ ᠶᠤᠮ᠃ |