ᠬᠠᠶᠢᠷᠠᠳᠠᠢ ᠪᠦᠬᠦᠨ ᠤ ᠪᠠᠨ ᠵᠠᠩ ᠠᠷᠠᠨᠰᠢᠨ ᠢ ᠬᠠᠮᠤᠭ ᠠᠴᠠ ᠢᠯᠡᠬᠦᠦ ᠤᠶᠢᠯᠠᠭᠠᠳᠠᠭ ᠵᠢᠮ᠎ᠠ ᠲᠠᠢ ᠶᠤᠮ | ᠪᠤᠯᠬᠤᠷ ᠮᠤᠩᠭᠤᠯ ᠬᠦᠮᠦᠨ ᠪᠦᠮᠪᠦᠷᠴᠡᠭ ᠪᠠᠶᠢᠭᠠᠯᠢ ᠶᠢᠨ ᠢᠶᠠᠨ ᠵᠠᠩ ᠴᠢᠨᠠᠷ ᠢ ᠬᠠᠮᠤᠭ ᠠᠴᠠ ᠢᠯᠡᠬᠦᠦ ᠤᠶᠢᠯᠠᠭᠠᠳᠠᠭ᠃ | ᠤᠶᠢᠯᠠᠭᠠᠵᠤ ᠤᠶᠢᠯᠠᠭᠠᠬᠤ ᠳᠠᠭᠠᠨ ᠤᠰᠤ ᠤᠷᠭᠤᠮᠠᠯ᠂ ᠠᠭᠤᠯᠠ ᠤᠷᠤᠶᠢᠳ ᠠᠴᠠ ᠡᠬᠢᠯᠡᠭᠡᠳ ᠬᠤᠷᠤᠬᠠᠢ ᠰᠢᠪᠡᠵᠢ᠂ | ᠠᠷᠢᠶᠠᠳᠠᠨ ᠵᠢᠬᠦᠷᠳᠡᠨ ᠤ ᠭᠡᠯ᠎ᠠ ᠶᠢ ᠬᠦᠷᠳᠡᠯ᠎ᠠ ᠣᠶᠢᠯᠠᠭᠠᠳᠠᠭ᠃ ᠬᠦᠮᠦᠨ ᠲᠦᠷᠦᠯᠬᠢᠳᠡᠨ ᠦᠪᠡᠷ ᠤᠨ ᠢᠶᠠᠨ ᠤᠷᠤᠰᠢᠨ | ᠤᠷᠤᠩᠨᠠᠵᠤ ᠪᠠᠶᠢᠭ᠎ᠠ ᠪᠠᠶᠢᠭᠠᠯᠢ ᠠᠬᠤᠢ ᠪᠠᠨ ᠤᠶᠢᠯᠠᠭᠠᠵᠤ ᠲᠡᠬᠦᠨ ᠲᠠᠢ ᠡᠪ ᠵᠤᠬᠢᠴᠠᠯ ᠢᠶᠠᠨ ᠤᠯᠬᠤ ᠨᠢ | ᠠᠮᠢᠳᠤᠷᠠᠬᠤ ᠶᠢᠨ ᠤᠬᠠᠭᠠᠨ ᠤ ᠬᠠᠮᠤᠭ ᠨᠠᠭᠠᠳᠤ ᠵᠠᠬ᠎ᠠ ᠶᠢᠨ ᠶᠤᠰᠤ ᠪᠠᠶᠢᠬ᠎ᠠ᠃ | ᠮᠤᠩᠭᠤᠯ ᠬᠦᠮᠦᠨ ᠤ ᠰᠤᠶᠤᠯ ᠪᠤᠯ ᠪᠠᠶᠢᠭᠠᠯᠢ ᠶᠢᠨ ᠰᠤᠶᠤᠯ᠂ ᠬᠠᠶᠢᠷ᠎ᠠ ᠶᠢᠨ ᠰᠤᠶᠤᠯ ᠶᠤᠮ ᠭᠡᠵᠤ ᠭᠡᠯᠡᠵᠤ | ᠪᠤᠯᠬᠤ ᠶᠤᠰᠤ ᠴᠦ ᠡᠨᠡ᠃ ᠲᠡᠭᠡᠬᠦ ᠳᠤ ᠮᠤᠩᠭᠤᠯ ᠬᠦᠮᠦᠨ ᠪᠠᠶᠢᠭᠠᠯᠢ ᠪᠠᠨ ᠭᠡᠷᠬᠢᠨ ᠤᠶᠢᠯᠠᠭᠠᠵᠤ᠂ ᠪᠠᠶᠢᠭᠠᠯᠢ ᠨᠢ | ᠮᠤᠩᠭᠤᠯ ᠬᠦᠮᠦᠨ ᠳᠤ ᠶᠠᠭᠠᠬᠢᠵᠤ ᠲᠤᠬᠢᠶ᠎ᠠ ᠪᠠᠨ ᠦᠭᠳᠡᠭ ᠪᠠᠶᠢᠨ᠎ᠠ︖ ᠤᠷᠴᠢᠯᠠᠩ ᠲᠡᠯᠡᠭᠡᠢ ᠶᠢᠨ ᠲᠦᠮᠡᠨ ᠪᠤᠳᠠᠰ᠂ | ᠬᠤᠷᠤᠬᠠᠢ ᠰᠢᠪᠡᠵᠢ ᠠᠴᠠ ᠡᠬᠢᠯᠡᠭᠡᠳ ᠠᠷᠢᠶᠠᠳᠠᠨ ᠵᠢᠬᠦᠷᠳᠡᠨ ᠮᠤᠩᠭᠤᠯ ᠬᠦᠮᠦᠨ ᠳᠤ ᠶᠠᠭᠠᠬᠢᠵᠤ ᠰᠤᠷᠠᠭ ᠴᠢᠮᠡᠭᠡ | ᠬᠦᠷᠭᠡᠳᠡᠭ ᠪᠠᠶᠢᠨ᠎ᠠ︖ | ᠪᠠᠶᠢᠭᠠᠯᠢ ᠲᠤᠬᠢᠶ᠎ᠠ ᠶᠢᠨ ᠲᠤᠬᠠᠢ ᠮᠤᠩᠭᠤᠯ ᠬᠦᠮᠦᠨ ᠤ ᠮᠡᠳᠡᠷᠡᠮᠵᠢ ᠶᠢ ᠰᠤᠨᠤᠰᠴᠠᠭᠠᠶᠠ︕ | 1 ᠰᠢᠨ᠎ᠠ ᠶᠢᠨ ᠬᠤᠶᠠᠷ᠂ ᠰᠢᠨ᠎ᠠ ᠶᠢᠨ ᠭᠤᠷᠪᠠᠨ ᠤ ᠰᠠᠷ᠎ᠠ ︵ᠪᠢᠳᠡᠬᠦᠦ ᠲᠠᠢ ᠪᠤᠯ ᠰᠢᠨ᠎ᠠ ᠶᠢᠨ ᠬᠤᠶᠠᠷ᠂ | ᠪᠢᠳᠡᠬᠦᠦ ᠦᠭᠡᠢ ᠪᠤᠯ ᠰᠢᠨ᠎ᠠ ᠶᠢᠨ ᠭᠤᠷᠪᠠᠨ︶ ᠶᠠᠭ ᠰᠠᠶᠢᠬᠠᠨ ᠲᠡᠭᠡᠭᠰᠢ ᠬᠠᠨᠳᠤᠵᠤ ᠪᠠᠶᠢᠪᠠᠯ ᠯᠠᠮᠠ ᠶᠢᠨ ᠠᠶᠠᠭ᠎ᠠ | ᠲᠡᠭᠡᠭᠰᠢ ᠬᠠᠨᠳᠤᠵᠤ ᠪᠠᠶᠢᠨ᠎ᠠ ᠭᠡᠳᠡᠭ᠂ ᠬᠦᠮᠦᠨ ᠳᠤ ᠲᠡᠮᠠᠢ ᠰᠠᠶᠢᠨ ᠪᠢᠰᠢ᠂ ᠡᠳ᠋ ᠪᠠᠷᠠᠭ᠎ᠠ ᠶᠢᠨ ᠦᠨ᠎ᠠ ᠬᠠᠩᠰᠢ ᠦᠰᠬᠦ | ᠦᠭᠡᠢ ᠶᠢᠨ ᠲᠡᠮᠳᠡᠭ᠃ ᠬᠠᠪᠢᠷᠭᠠᠯᠠᠵᠤ ᠪᠠᠶᠢᠪᠠᠯ ᠬᠦᠮᠦᠨ ᠳᠤ ᠰᠠᠶᠢᠨ᠂ ᠡᠳ᠋ ᠪᠠᠷᠠᠭ᠎ᠠ ᠶᠢᠨ ᠦᠨ᠎ᠠ ᠬᠠᠩᠰᠢ ᠦᠰᠦᠨ᠎ᠠ᠃ | ᠰᠠᠷᠠᠨ ᠤ ᠬᠢᠨᠢ ᠬᠤᠶᠠᠷ ᠦᠵᠦᠬᠦᠷ ᠨᠢ ᠬᠤᠷᠴᠠ᠂ ᠨᠠᠷᠢᠨ ᠪᠠᠶᠢᠪᠠᠯ ᠬᠦᠮᠦᠨ ᠳᠤ ᠲᠤᠮᠤᠭᠤ ᠲᠠᠭᠠᠷᠠᠨ᠎ᠠ᠃ ᠬᠠᠷᠢᠨ | ᠰᠢᠨ᠎ᠠ ᠶᠢᠨ ᠬᠤᠶᠠᠷ ᠴᠦ ᠪᠤᠯᠤᠭ᠂ ᠰᠢᠨ᠎ᠠ ᠶᠢᠨ ᠨᠢᠭᠡᠨ ᠴᠦ ᠪᠤᠯᠤᠭ ᠭᠠᠳᠠᠨ᠎ᠠ ᠭᠠᠷᠴᠦ ᠰᠠᠷ᠎ᠠ ᠦᠵᠡᠪᠡᠯ ᠪᠡᠶ᠎ᠡ ᠳᠤ | ᠰᠠᠶᠢᠨ᠂ ᠮᠦᠨᠴᠦ ᠬᠦᠰᠡᠯ ᠢᠶᠠᠨ ᠲᠠᠭᠠᠳᠬᠠᠵᠤ ᠪᠤᠯᠤᠨ᠎ᠠ ᠭᠡᠳᠡᠭ᠃ | 2 ᠰᠢᠷᠭᠤᠯᠵᠢ ᠪᠤᠴᠠᠯᠪᠠᠯ ᠭᠠᠵᠠᠷ ᠬᠦᠳᠡᠯᠦᠨ᠎ᠠ᠃ | 3 ᠰᠢᠷᠭᠤᠯᠵᠢ ᠲᠠᠯᠠᠪᠴᠢᠯᠠᠪᠠᠯ ᠪᠤᠷᠤᠭᠠᠯᠠᠨ᠎ᠠ᠃ | 4 ᠮᠤᠷᠢ ᠮᠠᠩᠬᠠᠨ ᠤᠷᠤᠢ ᠲᠡᠭᠡᠷ᠎ᠡ ᠵᠤᠭᠰᠤᠪᠠᠯ ᠰᠢᠷᠦᠬᠦᠨ ᠪᠤᠷᠤᠭᠠᠨ ᠤᠷᠤᠨ᠎ᠠ᠃ | 5 ᠬᠤᠯᠤᠭᠠᠨ᠎ᠠ ᠦᠨᠳᠦᠷᠯᠢᠭ ᠭᠠᠵᠠᠷ ᠡᠬᠦᠷᠯᠡᠪᠡᠯ ᠪᠤᠷᠤᠭᠠᠨ ᠲᠠᠢ ᠵᠢᠯ ᠪᠤᠯᠤᠨ᠎ᠠ᠃ | 6 ᠡᠬᠦᠯᠠ ᠪᠠᠷᠠᠭᠤᠨᠰᠢ ᠬᠠᠨᠳᠤᠪᠠᠯ ᠲᠠᠬᠢᠶ᠎ᠠ ᠶᠢ ᠴᠢᠴᠠᠭᠠᠳᠠᠯᠠ ᠪᠠᠨ ᠪᠤᠷᠤᠭᠠᠯᠠᠨ᠎ᠠ᠂ ᠡᠮᠦᠨᠡᠰᠢ ᠬᠠᠨᠳᠤᠪᠠᠯ | ᠬᠤᠶᠠᠷ ᠤᠨ ᠬᠤᠭᠤᠷᠤᠨᠳᠤ᠂ ᠵᠡᠬᠦᠨᠰᠢ ᠬᠠᠨᠳᠤᠪᠠᠯ ᠪᠤᠷᠤᠭᠠᠨ ᠦᠭᠡᠢ᠂ ᠬᠤᠶᠢᠰᠢ ᠪᠠᠨ ᠬᠠᠨᠳᠤᠪᠠᠯ ᠬᠠᠳᠠ ᠬᠠᠭᠠᠯᠳᠠᠯᠠ | ᠲᠠᠮᠤᠷ ᠢ ᠢᠯᠵᠠᠷᠠᠭᠤᠯᠳᠠᠯᠠ ᠪᠤᠷᠤᠭᠠᠯᠠᠨ᠎ᠠ᠃ | 7 ᠶᠠᠯᠮᠠᠩ ᠮᠠᠩᠬᠠᠨ ᠤᠷᠤᠢ ᠲᠡᠭᠡᠷ᠎ᠡ ᠬᠦᠨ ᠨᠦᠭᠡ ᠮᠠᠯᠳᠠᠬᠤ ᠮᠦᠷᠳᠡᠭᠡᠨ ᠨᠦᠭᠡᠨ ᠤ ᠪᠠᠨ ᠠᠮᠠ ᠶᠢ | ᠬᠠᠵᠠᠭᠤ ᠲᠤᠭᠤᠭᠰᠢ ᠪᠠᠨ ᠬᠠᠨᠳᠤᠭᠤᠯᠤᠭᠰᠠᠨ ᠪᠠᠶᠢᠪᠠᠯ ᠲᠤᠭᠰᠢᠨ ᠪᠤᠷᠤᠭ᠎ᠠ ᠤᠷᠤᠨ᠎ᠠ᠃ | 8 ᠭᠠᠷ ᠤᠨ ᠠᠷᠤ ᠲᠠᠯ᠎ᠠ ᠬᠦᠯᠦᠷᠡᠪᠡᠯ ᠪᠤᠷᠤᠭᠠᠯᠠᠨ᠎ᠠ᠃ | 9 ᠡᠬᠦᠯᠠ ᠲᠤᠯᠤᠭᠠᠶᠢᠯᠠᠪᠠᠯ ᠲᠤᠩᠭᠤᠳᠤᠨ᠎ᠠ᠃ | 10 ᠡᠬᠦᠯᠠ ᠵᠦᠷᠢᠪᠠᠯ ᠲᠤᠩᠭᠤᠳᠤᠨ᠎ᠠ᠂ ᠦᠭᠡ ᠵᠦᠷᠢᠪᠠᠯ ᠴᠤᠤᠬᠢᠨᠠ᠃ ᠭᠡᠬᠦ ᠳᠤ ᠤᠷᠴᠢᠮ ᠤᠨ ᠵᠢᠯ ᠳᠤ | ᠡᠬᠦᠯᠠ ᠵᠦᠷᠢᠬᠦ ᠦᠵᠡᠭᠳᠡᠯ ᠦᠭᠡᠢ ᠪᠤᠯᠵᠡᠢ᠃ | 11 ᠤᠷᠤᠬᠤ ᠲᠡᠭᠷᠢ ᠶᠢᠨ ᠤᠷᠤᠢ ᠨᠢ ᠴᠤᠭᠤᠷᠬᠠᠢ᠂ ᠭᠡᠶᠢᠬᠦ ᠲᠡᠭᠷᠢ ᠶᠢᠨ ᠭᠡᠵᠢᠭᠡ ᠨᠢ ᠴᠤᠭᠤᠷᠬᠠᠢ᠃ | 12 ᠰᠠᠯᠬᠢ ᠪᠠᠷᠠᠭᠤᠨᠳᠠᠢ ᠪᠠᠷᠠᠭᠤᠨ ᠬᠤᠶᠢᠨ᠎ᠠ ᠪᠠᠨ ᠭᠠᠷᠪᠠᠯ ᠤᠷᠤᠭᠰᠠᠨ ᠪᠤᠷᠤᠭ᠎ᠠ ᠭᠡᠶᠢᠨ᠎ᠠ᠃ | 13 ᠰᠠᠯᠬᠢᠨ ᠨᠠᠷᠠᠨ ᠤ ᠡᠰᠡᠷᠬᠦᠦ ᠲᠠᠯ᠎ᠠ ᠪᠠᠷ ᠨᠢᠭᠡ ᠲᠤᠭᠤᠶᠢᠯᠠᠪᠠᠯ ᠰᠢᠷᠦᠬᠦᠨ ᠪᠤᠷᠤᠭ᠎ᠠ ᠤᠷᠤᠨ᠎ᠠ᠃ | 14 ᠬᠠᠷᠢᠶᠠᠴᠠᠢ ᠲᠤᠤᠭᠤᠷ ᠨᠢᠰᠪᠠᠯ ᠪᠤᠷᠤᠭ᠎ᠠ ᠤᠷᠤᠨ᠎ᠠ᠃ | 15 ᠲᠡᠭᠷᠢ ᠶᠢᠨ ᠤᠶᠤᠳᠠᠯ ᠢ ᠡᠬᠦᠯᠠ ᠤᠭᠳᠤᠯᠵᠤ ᠭᠠᠷᠪᠠᠯ ᠶᠡᠭᠡ ᠪᠤᠷᠤᠭᠠᠨ ᠤᠷᠤᠨ᠎ᠠ᠃ | 16 ᠪᠤᠬ᠎ᠠ ᠰᠢᠪᠠᠭᠤ ︵ᠪᠠᠰᠠ ᠪᠤᠬ᠎ᠠ ᠬᠦᠷᠦᠭᠡᠰᠤ ᠭᠡᠳᠡᠭ᠂ ᠲᠠᠭᠤ ᠨᠢ ᠪᠤᠬ᠎ᠠ ᠬᠠᠶᠢᠯᠠᠵᠤ ᠮᠦᠭᠡᠷᠡᠬᠦ ᠲᠠᠢ | ᠠᠳᠠᠯᠢ ᠬᠦᠩᠬᠢᠨᠡᠵᠤ ᠭᠠᠷᠳᠠᠭ︶ ᠲᠤᠤᠭᠠᠷᠪᠠᠯ ᠶᠡᠭᠡ ᠪᠤᠷᠤᠭ᠎ᠠ ᠤᠷᠤᠨ᠎ᠠ᠃ | 17 ᠮᠤᠭᠠᠢ ᠵᠠᠮ ᠤᠭᠳᠤᠯᠪᠠᠯ ᠰᠢᠷᠦᠬᠦᠨ ᠪᠤᠷᠤᠭᠠᠨ ᠤᠷᠤᠨ᠎ᠠ᠃ | 18 ᠮᠤᠭᠠᠢ᠂ ᠮᠡᠯᠡᠭᠡᠢ ᠨᠡᠬᠦᠪᠡᠯ ᠪᠤᠷᠤᠭᠠᠯᠠᠨ᠎ᠠ᠃ | 19 ᠬᠠᠷᠳᠠᠶᠢᠭᠠᠳ ᠬᠠᠳᠠᠭᠰᠠᠨ ᠬᠠᠷ᠎ᠠ ᠰᠢᠬᠢᠷ ᠵᠦᠭᠡᠯᠡᠷᠡᠭᠡᠳ ᠢᠷᠡᠪᠡᠯ ᠪᠤᠷᠤᠭᠠᠯᠠᠨ᠎ᠠ᠃ | 20 ᠤᠳᠤᠭ᠎ᠠ ᠭᠠᠵᠠᠷᠳᠠᠪᠠᠯ ᠪᠤᠷᠤᠭᠠᠯᠠᠨ᠎ᠠ᠃ |