ᠮᠤᠩᠭᠤᠯ ᠬᠦᠮᠦᠨ ᠤ ᠬᠦᠮᠦᠨ ᠲᠦᠷᠦᠯᠬᠢᠳᠡᠨ ᠤ ᠪᠤᠯᠪᠠᠰᠣᠨ ᠳᠤ ᠬᠤᠪᠢ ᠨᠡᠮᠡᠷᠢ ᠦᠵᠡᠭᠦᠯᠦᠭᠰᠡᠨ40 ᠪᠣᠳᠠᠰ ᠤᠨ ᠪᠣᠰᠤ ᠰᠣᠶᠤᠯ ᠤᠨ ᠦᠪ ᠤᠨ ᠲᠦᠷᠦᠯ ᠵᠦᠢᠯ ︵ᠳᠥᠷᠪᠡ︶
ᠨᠡᠶᠢᠲᠡᠯᠡᠭᠰᠡᠨ ᠴᠠᠭ᠄
2023/9/25
     30.ᠪᠠᠯᠭᠠᠨᠰᠠᠩ ᠤᠨ ᠦᠯᠢᠭᠡᠷ᠄ ︵2008 ᠣᠨ ᠤ6 ᠰᠠᠷ᠎ᠠ ᠶᠢᠨ7 ᠤ ᠡᠳᠦᠷ ᠪᠦᠷᠢᠳᠬᠡᠭᠰᠡᠨ ᠬᠤᠶᠠᠳᠣᠭᠠᠷ ᠪᠦᠯᠦᠭ ᠣᠯᠤᠰ ᠤᠨ ᠲᠡᠰ ᠤᠨ ᠪᠣᠳᠠᠰ ᠤᠨ ᠪᠣᠰᠤ ᠰᠣᠶᠤᠯ ᠤᠨ ᠦᠪ ᠤᠨ ᠲᠦᠷᠦᠯ ᠵᠦᠢᠯ︶ ᠪᠠᠯᠭᠠᠨᠰᠠᠩ ᠤᠨ ᠦᠯᠢᠭᠡᠷ ᠪᠤᠯ ᠦᠪᠦᠷ ᠮᠤᠩᠭᠤᠯ᠂ ᠰᠢᠨᠵᠢᠶᠠᠩ ᠵᠡᠷᠭᠡ ᠭᠠᠵᠠᠷ ᠣᠷᠤᠨ ᠢᠶᠠᠷ ᠣᠯᠠᠮᠵᠢᠯᠠᠭᠳᠠᠨ ᠲᠠᠷᠬᠠᠭᠳᠠᠵᠤ ᠪᠠᠶᠢᠭ᠎ᠠ ᠦᠯᠢᠭᠡᠷ ᠶᠤᠮ᠃ ᠦᠯᠢᠭᠡᠷ ᠤᠨ ᠭᠤᠤᠯ ᠪᠠᠭᠠᠳᠣᠷ ᠪᠠᠯᠭᠠᠨᠰᠠᠩ ᠪᠤᠯ ᠦᠭᠡᠭᠦᠤ ᠶᠠᠳᠠᠭᠤ ᠠᠷᠠᠳ ᠲᠦᠮᠡᠨ ᠤ ᠲᠦᠯᠦᠭᠡ ᠰᠡᠴᠡᠨ ᠰᠡᠷᠭᠦᠯᠡᠩ ᠠᠷᠭ᠎ᠠ ᠣᠬᠠᠭᠠᠨ ᠢᠶᠠᠷ ᠬᠠᠷᠬᠢᠰ ᠪᠠᠶᠠᠳ ᠨᠤᠶᠠᠳ ᠲᠠᠢ ᠲᠡᠮᠡᠴᠡᠯᠳᠦᠳᠡᠭ ᠬᠦᠮᠦᠨ ᠤ ᠲᠦᠷᠢ ᠪᠣᠯᠤᠨ᠎ᠠ᠃       31.ᠲᠤᠭᠳᠠᠬᠤ ᠶᠢᠨ ᠦᠯᠢᠭᠡᠷ᠄ ︵2011 ᠣᠨ ᠤ5 ᠰᠠᠷ᠎ᠠ ᠶᠢᠨ23 ᠤ ᠡᠳᠦᠷ ᠪᠦᠷᠢᠳᠬᠡᠭᠰᠡᠨ ᠭᠤᠷᠪᠠᠳᠣᠭᠠᠷ ᠪᠦᠯᠦᠭ ᠣᠯᠤᠰ ᠤᠨ ᠲᠡᠰ ᠤᠨ ᠪᠣᠳᠠᠰ ᠤᠨ ᠪᠣᠰᠤ ᠰᠣᠶᠤᠯ ᠤᠨ ᠦᠪ ᠤᠨ ᠲᠦᠷᠦᠯ ᠵᠦᠢᠯ︶ ᠦᠯᠢᠭᠡᠷ ᠤᠨ ᠭᠤᠤᠯ ᠪᠠᠭᠠᠳᠣᠷ ᠲᠤᠭᠳᠠᠬᠤ ᠪᠤᠯ ᠠᠷᠢᠭᠤᠨ ᠠᠮᠢ ᠬᠠᠯᠠᠭᠤᠨ ᠴᠢᠰᠤ ᠪᠠᠷ ᠢᠶᠠᠨ ᠭᠡᠷ ᠨᠣᠳᠤᠭ ᠢᠶᠠᠨ ᠬᠠᠮᠠᠭᠠᠯᠠᠭᠰᠠᠨ ᠪᠠᠭᠠᠳᠣᠷ ᠪᠤᠯᠬᠤ ᠪᠦᠭᠡᠳ ᠴᠣᠷ ᠤᠨ ᠭᠠᠭᠴᠠ ᠪᠣᠰᠤᠯᠭ᠎ᠠ ᠭᠠᠷᠭᠠᠵᠤ ᠬᠠᠮᠤᠭ ᠡᠴᠦᠰ ᠤᠨ ᠢᠯᠠᠯᠳᠠ  ᠶᠢ ᠣᠯᠤᠭᠰᠠᠨ ᠮᠤᠩᠭᠤᠯ ᠦᠨᠳᠦᠰᠦᠳᠡᠨ ᠤ ᠪᠠᠭᠠᠳᠣᠷ ᠪᠤᠯᠬᠤ ᠶᠤᠮ᠃       32.ᠢᠷᠦᠭᠡᠯ ᠮᠠᠭᠳᠠᠭᠠᠯ᠄ ︵2011 ᠣᠨ ᠳᠤ ᠪᠦᠷᠢᠳᠬᠡᠭᠰᠡᠨ ᠭᠤᠷᠪᠠᠳᠣᠭᠠᠷ ᠪᠦᠯᠦᠭ ᠣᠯᠤᠰ ᠤᠨ ᠲᠡᠰ  ᠤᠨ ᠪᠣᠳᠠᠰ ᠤᠨ ᠪᠣᠰᠤ ᠰᠣᠶᠤᠯ ᠤᠨ ᠦᠪ ᠤᠨ ᠲᠦᠷᠦᠯ ᠵᠦᠢᠯ︶ ᠢᠷᠦᠭᠡᠯ ᠮᠠᠭᠳᠠᠭᠠᠯ ᠪᠤᠯ ᠲᠤᠮᠳᠠᠳᠤ ᠣᠯᠤᠰ ᠤᠨ ᠣᠮᠠᠷᠠᠳᠤ ᠶᠢᠨ ᠨᠡᠭᠦᠳᠡᠯᠴᠢᠨ ᠦᠨᠳᠦᠰᠦᠳᠡᠨ ᠤ ᠠᠷᠠᠳ ᠤᠨ ᠲᠤᠮᠳᠠ ᠣᠯᠠᠮᠵᠢᠯᠠᠭᠳᠠᠵᠤ ᠪᠠᠶᠢᠳᠠᠭ ᠣᠷᠠᠨ ᠵᠤᠬᠢᠶᠠᠯ  ᠤᠨ ᠬᠡᠯᠪᠡᠷᠢ ᠪᠤᠯᠬᠤ ᠪᠦᠭᠡᠳ ᠲᠣᠭᠳᠠᠭᠰᠠᠨ ᠣᠶᠠᠩᠭ᠎ᠠ ᠴᠣᠬᠢᠯᠭ᠎ᠠ᠂ ᠦᠭᠡ ᠬᠡᠯᠡ ᠣᠷᠤᠰᠣᠮ᠎ᠠ ᠲᠣᠳᠤ᠂ ᠰᠡᠳᠭᠢᠯ ᠪᠢᠯᠬᠠᠮ᠎ᠠ ᠣᠶᠠᠩᠭᠠᠯᠠᠳᠠᠭ ᠢᠷᠦᠭᠡᠯ᠂ ᠮᠠᠭᠳᠠᠭᠠᠯ ᠢ ᠬᠡᠯᠡᠨ᠎ᠡ᠃      33.ᠮᠤᠩᠭᠤᠯ ᠦᠨᠳᠦᠰᠦᠳᠡᠨ ᠤ ᠬᠤᠭᠤᠷ ᠬᠢᠬᠦ ᠣᠷ᠎ᠠ ᠮᠡᠷᠭᠡᠵᠢᠯ᠄ ︵2011 ᠣᠨ ᠳᠤ ᠪᠦᠷᠢᠳᠬᠡᠭᠰᠡᠨ ᠣᠯᠤᠰ ᠤᠨ ᠲᠡᠰ ᠤᠨ ᠪᠤᠳᠠᠰ ᠤᠨ ᠪᠤᠰᠤ ᠰᠣᠶᠤᠯ ᠤᠨ ᠦᠪ ᠤᠨ ᠲᠦᠷᠦᠯ ᠵᠦᠢᠯ︶ ᠮᠤᠩᠭᠤᠯ ᠦᠨᠳᠦᠰᠦᠳᠡᠨ ᠤ ᠬᠤᠭᠤᠷ ᠬᠢᠬᠦ ᠣᠷ᠎ᠠ ᠮᠡᠷᠭᠡᠵᠢᠯ ᠨᠢ ᠦᠨᠢ ᠣᠳᠠᠭᠠᠨ ᠲᠡᠤᠬᠡᠨ ᠬᠤᠭᠤᠴᠠᠭᠠᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠤᠨ ᠤ ᠬᠤᠷᠴᠢᠨ ᠨᠣᠳᠤᠭ ᠤᠨ ᠬᠦᠮᠦᠰ ᠤᠨ ᠡᠳᠦᠷ ᠲᠤᠳᠤᠮ ᠤᠨ ᠠᠮᠢᠳᠣᠷᠠᠯ ᠦᠢᠯᠡᠳᠪᠣᠷᠢᠯᠡᠯ ᠤᠨ ᠲᠤᠮᠳᠠ ᠪᠠᠨ ᠡᠭᠦᠳᠦᠭᠰᠡᠨ ᠣᠨᠴᠠ ᠣᠷ᠎ᠠ ᠮᠡᠷᠭᠡᠵᠢᠯ ᠪᠤᠯᠤᠨ᠎ᠠ᠃      34.ᠮᠤᠩᠭᠤᠯ ᠦᠨᠳᠦᠰᠦᠳᠡᠨ ᠤ ᠦᠬᠡᠷ ᠤᠨ ᠡᠪᠡᠷ ᠢᠶᠠᠷ ᠨᠤᠮᠤ ᠬᠢᠬᠦ ᠮᠡᠷᠭᠡᠵᠢᠯ᠄ ︵2008 ᠣᠨ ᠳᠤ ᠪᠦᠷᠢᠳᠬᠡᠭᠰᠡᠨ ᠣᠯᠤᠰ ᠤᠨ ᠲᠡᠰ ᠤᠨ ᠪᠣᠳᠠᠰ ᠤᠨ ᠪᠣᠰᠤ ᠰᠣᠶᠤᠯ ᠤᠨ ᠦᠪ ᠤᠨ ᠲᠦᠷᠦᠯ ᠵᠦᠢᠯ︶ ᠦᠬᠡᠷ ᠤᠨ ᠡᠪᠡᠷ ᠤᠨ ᠨᠣᠮᠤ ᠪᠤᠯ ᠣᠰᠤᠨ ᠦᠬᠡᠷ ᠪᠤᠶᠤ ᠶᠠᠩᠭᠢᠷ ᠤᠨ ᠡᠪᠡᠷ ᠢ ᠰᠣᠩᠭᠤᠵᠤ᠂ ᠮᠠᠯ ᠤᠨ ᠨᠢᠷᠤᠭᠤᠨ ᠤ ᠰᠢᠷᠪᠤᠰᠤ ᠪᠤᠶᠤ ᠮᠠᠯ ᠤᠨ ᠲᠤᠭᠤᠷᠠᠢ ᠶᠢᠨ ᠰᠢᠷᠪᠤᠰᠤ ᠡᠰᠡᠬᠦᠯ᠎ᠡ ᠬᠠᠷᠢᠮᠠᠬᠠᠢ ᠴᠢᠨᠠᠷ ᠢᠶᠠᠷ ᠰᠠᠶᠢᠨ ᠬᠤᠯᠤᠰᠤ ᠶᠢ ᠰᠣᠩᠭᠤᠵᠤ᠂ ᠠᠮᠢᠳᠠᠨ ᠤ ᠴᠠᠪᠠᠣ ᠵᠡᠷᠭᠡ ᠴᠣᠯ ᠪᠠᠶᠢᠭᠠᠯᠢᠯᠢᠭ ᠮᠠᠲ᠋ᠧᠷᠢᠶᠠᠯ ᠢᠶᠠᠷ ᠨᠠᠭᠠᠯᠳᠣᠭᠤᠯᠵᠤ ᠪᠦᠳᠦᠭᠰᠡᠨ ᠮᠤᠩᠭᠤᠯ ᠦᠨᠳᠦᠰᠦᠳᠡᠨ ᠤ ᠡᠷᠳᠡᠨ ᠤ ᠪᠠᠶᠢᠯᠳᠣᠭᠠᠨ᠂ ᠠᠪᠠ ᠬᠢᠬᠦ ᠵᠢᠴᠢ ᠨᠠᠭᠠᠳᠤᠮ ᠳᠤ ᠬᠡᠷᠡᠭᠯᠡᠳᠡᠭ ᠨᠤᠮᠤ ᠶᠢ ᠬᠡᠯᠡᠵᠤ ᠪᠤᠢ᠃ ᠡᠨᠡ ᠨᠢ ᠮᠤᠩᠭᠤᠯ ᠡᠷᠡᠴᠣᠳ ᠤᠨ ᠵᠠᠪᠠᠯ ᠡᠵᠡᠮᠰᠢᠬᠦ‍ ᠨᠢᠭᠡ ᠵᠦᠢᠯ ᠤᠨ ᠣᠷ᠎ᠠ ᠮᠡᠷᠭᠡᠵᠢᠯ ᠪᠤᠯᠬᠤ ᠪᠦᠭᠡᠳ ᠮᠤᠩᠭᠤᠯ ᠦᠨᠳᠦᠰᠦᠳᠡᠨ ᠤ ᠣᠨᠴᠠᠯᠢᠭ ᠢ ᠭᠦᠨ ᠬᠠᠳᠠᠭᠠᠯᠠᠵᠤ ᠪᠠᠶᠢᠳᠠᠭ᠃       35.ᠱᠠᠯᠪᠤᠷ ᠪᠦᠬᠡ᠄ ︵2008 ᠣᠨ ᠤ6 ᠰᠠᠷ᠎ᠠ ᠶᠢᠨ7 ᠤ ᠡᠳᠦᠷ ᠪᠦᠷᠢᠳᠬᠡᠭᠰᠡᠨ ᠬᠤᠶᠠᠳᠣᠭᠠᠷ ᠪᠦᠯᠦᠭ ᠣᠯᠤᠰ ᠤᠨ ᠲᠡᠰ ᠤᠨ ᠪᠤᠳᠠᠰ ᠤᠨ ᠪᠣᠰᠤ ᠰᠣᠶᠤᠯ ᠤᠨ ᠦᠪ ᠤᠨ ᠲᠦᠷᠦᠯ ᠵᠦᠢᠯ︶ ᠱᠠᠯᠪᠤᠷ ᠪᠦᠬᠡ ᠪᠤᠯ ᠦᠢᠷᠠᠳ ᠮᠤᠩᠭᠤᠯᠴᠣᠳ ᠤᠨ ᠣᠳᠤ ᠪᠤᠯᠳᠠᠯ᠎ᠠ ᠬᠠᠳᠠᠭᠠᠯᠠᠭᠳᠠᠭᠰᠠᠭᠠᠷ ᠢᠷᠡᠭᠰᠡᠨ ᠦᠨᠳᠦᠰᠦᠳᠡᠨ ᠤ ᠣᠯᠠᠮᠵᠢᠯᠠᠯᠳᠤ ᠪᠡᠶ᠎ᠡ ᠲᠠᠮᠢᠷ ᠤᠨ ᠲᠦᠷᠦᠯ ᠵᠦᠢᠯ ᠪᠤᠯᠬᠤ ᠪᠦᠭᠡᠳ ᠲᠡᠷᠡ ᠨᠢ ᠦᠪᠦᠷ ᠮᠤᠩᠭᠤᠯ ᠤᠨ ᠠᠯᠠᠱᠠ ᠠᠶᠢᠮᠠᠭ᠂ ᠰᠢᠨᠵᠢᠶᠠᠩ᠂ ᠬᠦᠬᠡᠨᠠᠭᠤᠷ᠂ ᠭᠠᠨᠰᠤ ᠵᠡᠷᠭᠡ ᠮᠤᠩᠭᠤᠯ ᠦᠨᠳᠦᠰᠦᠳᠡᠨ ᠰᠠᠭᠤᠷᠢᠰᠢᠵᠤ ᠪᠠᠶᠢᠬᠤ ᠭᠠᠵᠠᠷ ᠣᠷᠤᠨ ᠢᠶᠠᠷ ᠲᠠᠷᠬᠠᠵᠤ ᠪᠠᠶᠢᠳᠠᠭ᠃       36.ᠬᠤᠯᠪᠤᠭ᠎ᠠ᠄ ︵2008 ᠣᠨ ᠤ6 ᠰᠠᠷ᠎ᠠ ᠶᠢᠨ7 ᠤ ᠡᠳᠦᠷ ᠪᠦᠷᠢᠳᠬᠡᠭᠰᠡᠨ ᠬᠤᠶᠠᠳᠣᠭᠠᠷ ᠪᠦᠯᠦᠭ ᠣᠯᠤᠰ ᠤᠨ ᠲᠡᠰ ᠤᠨ ᠪᠣᠳᠠᠰ ᠤᠨ ᠪᠤᠰᠤ ᠰᠣᠶᠤᠯ ᠤᠨ ᠦᠪ ᠤᠨ ᠲᠦᠷᠦᠯ ᠵᠦᠢᠯ︶ ᠬᠤᠯᠪᠣᠭ᠎ᠠ ᠪᠤᠯ ᠮᠤᠩᠭᠤᠯ ᠦᠨᠳᠦᠰᠦᠳᠡᠨ ᠤ ᠲᠠᠭᠤᠯᠠᠳᠠᠭ ᠲᠠᠭᠤᠤ ᠣᠷᠠᠯᠢᠭ ᠤᠨ ᠨᠢᠭᠡ ᠪᠤᠯᠬᠤ ᠪᠦᠭᠡᠳ ᠬᠤᠯᠪᠤᠭ᠎ᠠ ᠶᠢᠨ ᠦᠭᠡ ᠨᠢ ᠲᠤᠯᠤᠭᠠᠢ ᠬᠤᠯᠪᠤᠵᠤ ᠰᠡᠭᠦᠯ ᠲᠠᠷᠤᠬᠤ ᠶᠢ ᠣᠨᠴᠠ ᠠᠩᠬᠠᠷᠳᠠᠭ ᠲᠠᠭᠤᠤ ᠣᠷᠠᠯᠢᠭ ᠮᠥᠨ᠃           37.ᠦᠯᠢᠭᠡᠷ᠄ ︵2006 ᠣᠨ ᠤ6 ᠰᠠᠷ᠎ᠠ ᠶᠢᠨ7 ᠤ ᠡᠳᠦᠷ ᠪᠦᠷᠢᠳᠬᠡᠭᠰᠡᠨ ᠲᠦᠷᠦᠭᠦᠤ ᠪᠦᠯᠦᠭ ᠤᠨ ᠣᠯᠤᠰ ᠤᠨ ᠲᠡᠰ ᠤᠨ ᠪᠣᠳᠠᠰ ᠤᠨ ᠪᠤᠰᠤ ᠰᠣᠶᠤᠯ ᠤᠨ ᠦᠪ ᠤᠨ ᠲᠦᠷᠦᠯ ᠵᠦᠢᠯ︶ ᠦᠯᠢᠭᠡᠷ ᠨᠢ ᠮᠤᠩᠭᠤᠯ ᠦᠨᠳᠦᠰᠦᠳᠡᠨ ᠤ ᠶᠠᠷᠢᠵᠤ ᠲᠠᠭᠤᠯᠠᠬᠤ ᠨᠢᠭᠡᠨ ᠵᠦᠢᠯ ᠤᠨ ᠣᠷᠠᠯᠢᠭ ᠤᠨ ᠬᠡᠯᠪᠡᠷᠢ ᠪᠤᠯᠬᠤ ᠪᠦᠭᠡᠳ ᠲᠡᠷᠡ ᠨᠢ ᠭᠤᠤᠯᠳᠠᠭᠤ ᠦᠪᠦᠷ ᠮᠤᠩᠭᠤᠯ ᠤᠨ ᠬᠡᠰᠡᠭ ᠭᠠᠵᠠᠷ ᠣᠷᠤᠨ᠂ ᠬᠠᠷᠠᠮᠦ᠋ᠷᠡᠨ ᠪᠤᠯᠤᠨ ᠯᠢᠶᠤᠤᠨᠢᠩ ᠵᠡᠷᠭᠡ ᠭᠠᠵᠠᠷ ᠤᠷᠤᠨ  ᠤ ᠮᠤᠩᠭᠤᠯᠴᠤᠳ ᠲᠦᠪᠯᠡᠷᠡᠨ ᠰᠠᠭᠤᠷᠢᠰᠢᠭᠰᠠᠨ ᠭᠠᠵᠠᠷ ᠤᠷᠤᠨ ᠢᠶᠠᠷ ᠲᠠᠷᠬᠠᠵᠥ ᠪᠠᠶᠢᠳᠠᠭ᠃      38.ᠤᠷᠠᠳ ᠠᠷᠠᠳ ᠤᠨ ᠲᠠᠭᠤᠤ᠄ ︵2008 ᠤᠨ ᠳᠤ ᠪᠦᠷᠢᠳᠭᠡᠭᠰᠠᠨ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠵᠦᠢᠯ︶ ᠤᠷᠠᠳ ᠠᠷᠠᠳ ᠤᠨ ᠲᠠᠭᠤᠤ ᠨᠢ ᠭᠤᠤᠯᠳᠠᠭᠤ ᠦᠪᠦᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ ᠤ ᠤᠷᠠᠳ ᠤᠨ ᠡᠮᠤᠨᠠᠳᠤ ᠬᠤᠰᠢᠭᠤᠨ ᠤ ᠮᠤᠩᠭᠤᠯᠴᠤᠳ ᠲᠠᠭᠤᠯᠠᠳᠠᠭ ᠠᠷᠠᠳ  ᠤᠨ ᠲᠠᠭᠤᠤ ᠪᠤᠯᠤᠨ᠎ᠠ᠃       39.ᠴᠤᠭᠤᠷ ᠭᠦᠭᠵᠢᠮ᠄ ︵2008 ᠤᠨ ᠳᠤ ᠪᠦᠷᠢᠳᠭᠡᠭᠰᠠᠨ ᠨᠢᠭᠡᠳᠤᠭᠡᠷ ᠪᠦᠯᠦᠭ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠵᠦᠢᠯ︶ ᠴᠤᠭᠤᠷ ᠭᠦᠭᠵᠢᠮ ᠨᠢ ᠮᠤᠩᠭᠤᠯ ᠦᠨᠳᠤᠰᠤᠳᠠᠨ ᠤ ᠠᠷᠠᠳ ᠲᠦᠮᠡᠨ ᠤᠷᠳᠤ ᠤᠳᠠᠭᠠᠨ ᠬᠤᠭᠤᠴᠠᠭᠠᠨ ᠤ ᠲᠡᠦᠭᠡᠨ ᠭᠦᠭᠵᠢᠯᠳᠡ ᠶᠢᠨ ᠶᠠᠪᠤᠴᠠ ᠳᠤ ᠵᠤᠬᠢᠶᠠᠨ ᠪᠦᠳᠦᠭᠡᠭᠰᠠᠨ ᠭᠦᠨ ᠦᠳᠭᠡᠨ ᠦᠨᠳᠤᠰᠤᠳᠠᠨ ᠤ ᠤᠨᠴᠠᠯᠢᠭ ᠲᠠᠢ ᠭᠦᠭᠵᠢᠮᠳᠡᠨ ᠲᠠᠭᠤᠯᠬᠠᠤ ᠤᠷᠠᠯᠢᠭ ᠪᠤᠯᠤᠨ᠎ᠠ᠃       40.ᠴᠠᠮ ᠬᠠᠷᠠᠶᠢᠬᠤ᠄ ︵2008 ᠤᠨ ᠳᠤ ᠪᠦᠷᠢᠳᠭᠡᠭᠰᠠᠨ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠵᠦᠢᠯ︶ ᠴᠠᠮ ᠬᠠᠷᠠᠶᠢᠬᠤ ᠭᠡᠳᠡᠭ ᠨᠢ ᠮᠤᠩᠭᠤᠯ ᠲᠦᠪᠡᠳ ᠤᠨ ᠱᠠᠰᠢᠨ ᠰᠤᠷᠳᠠᠬᠤᠨ ᠰᠤᠶᠤᠯ ᠤᠨ ᠰᠤᠯᠢᠯᠴᠠᠭᠠᠨ ᠤ ᠦᠷ᠎ᠡ ᠪᠦᠳᠦᠭᠡᠯ ᠪᠤᠯᠬᠤ ᠪᠦᠭᠡᠳ ᠤᠳᠤ ᠪᠤᠯᠳᠠᠯ᠎ᠠ ᠲᠦᠷᠪᠡᠨ ᠵᠠᠭᠤᠨ ᠵᠢᠯ ᠤᠨ ᠲᠡᠦᠭᠡ ᠲᠠᠢ ᠪᠠᠶᠢᠵᠥ᠂ ᠱᠠᠰᠢᠨ ᠰᠤᠷᠳᠠᠬᠤᠨ ᠤ ᠤᠯᠠᠮᠵᠢᠯᠠᠯ ᠢᠶᠠᠷ ᠭᠤᠤᠯ ᠠᠭᠤᠯᠭ᠎ᠠ ᠪᠤᠯᠭᠠᠵᠥ᠂ ︽ᠶᠡᠭᠡ ᠴᠠᠮ︾ ︽ᠪᠠᠭ᠎ᠠ ᠴᠠᠮ︾ ᠭᠡᠵᠥ ᠬᠤᠪᠢᠶᠠᠳᠠᠭ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号