1. ᠮᠤᠩᠭᠤᠯ ᠦᠨᠳᠦᠰᠦᠳᠡᠨ ᠤ ᠣᠷᠳᠤ ᠶᠢᠨ ᠲᠠᠭᠤᠣ᠄ ︵2005 ᠣᠨ ᠤ11 ᠰᠠᠷ᠎ᠠ ᠶᠢᠨ25 ᠤ ᠡᠳᠦᠷ | ᠪᠦᠷᠢᠳᠬᠡᠭᠰᠡᠨ ᠬᠦᠮᠦᠨ ᠲᠦᠷᠦᠯᠬᠢᠳᠡᠨ ᠤ ᠭᠤᠷᠪᠠᠳᠣᠭᠠᠷ ᠪᠦᠯᠦᠭ ᠪᠣᠳᠠᠰ ᠤᠨ ᠪᠣᠰᠤ ᠰᠣᠶᠤᠯ ᠤᠨ ᠦᠪ ᠤᠨ | ᠲᠦᠷᠦᠯ ᠵᠦᠢᠯ︶ ᠮᠤᠩᠭᠤᠯ ᠦᠨᠳᠦᠰᠦᠳᠡᠨ ᠤ ᠣᠷᠳᠤ ᠶᠢᠨ ᠲᠠᠭᠤᠣ ᠪᠤᠯ ᠢᠯᠡ ᠲᠣᠳᠤ ᠨᠡᠭᠦᠳᠡᠯ ᠠᠮᠢᠳᠣᠷᠠᠯ ᠤᠨ | ᠣᠨᠴᠠᠯᠢᠭ ᠪᠠ ᠦᠪᠡᠷᠮᠢᠴᠡ ᠣᠨᠴᠠᠯᠢᠭ ᠲᠠᠢ ᠲᠠᠭᠤᠯᠠᠬᠤ ᠬᠡᠯᠪᠡᠷᠢ ᠪᠠᠷ ᠮᠤᠩᠭᠤᠯ ᠦᠨᠳᠦᠰᠦᠳᠡᠨ ᠤ ᠲᠡᠤᠬᠡ ᠰᠣᠶᠣᠯ᠂ | ᠬᠦᠮᠦᠨ ᠢᠷᠭᠡᠨᠰᠢᠯ᠂ ᠶᠣᠰᠤ ᠰᠣᠷᠳᠠᠬᠤᠨ᠂ ᠭᠦᠨ ᠣᠬᠠᠭᠠᠨ ᠪᠤᠯᠤᠨ ᠣᠳᠬ᠎ᠠ ᠣᠷᠠᠯᠢᠭ ᠢ ᠲᠣᠰᠬᠠᠭᠰᠠᠨ ᠪᠠᠶᠢᠳᠠᠭ᠃ | 2. ᠬᠦᠬᠡᠮᠡᠢ᠄ ︵2009 ᠣᠨ ᠤ10 ᠰᠠᠷ᠎ᠠ ᠶᠢᠨ1 ᠤ ᠡᠳᠦᠷ ᠪᠦᠷᠢᠳᠬᠡᠭᠰᠡᠨ ᠲᠡᠯᠡᠬᠡᠢ ᠶᠢᠨ ᠪᠣᠳᠠᠰ ᠤᠨ | ᠪᠣᠰᠤ ᠰᠣᠶᠤᠯ ᠤᠨ ᠦᠪ ᠤᠨ ᠲᠦᠷᠦᠯ ᠵᠦᠢᠯ︶ ᠬᠦᠬᠡᠮᠡᠢ ᠪᠤᠯ ᠮᠤᠩᠭᠤᠯ ᠬᠦᠮᠦᠨ ᠤ ᠡᠭᠦᠳᠦᠨ ᠪᠦᠳᠦᠭᠡᠭᠰᠡᠨ ᠨᠢᠭᠡ | ᠵᠦᠢᠯ ᠤᠨ ᠭᠠᠶᠢᠬᠠᠮᠰᠢᠭᠳᠤ ᠲᠠᠭᠤᠯᠠᠬᠤᠢ ᠣᠷᠠᠯᠢᠭ ᠶᠤᠮ᠃ ᠲᠠᠭᠤᠯᠠᠭᠴᠢ ᠠᠴᠠ ᠨᠢᠭᠡ ᠯᠠ ᠲᠡᠭᠡᠷ᠎ᠡ ᠬᠤᠶᠠᠷ ᠵᠦᠢᠯ | ᠤᠨ ᠲᠠᠭᠤ ᠭᠠᠷᠭᠠᠳᠠᠭ᠃ ᠲᠤᠮᠳᠠᠳᠤ ᠶᠢᠨ ᠦᠨᠳᠦᠰᠦᠳᠡᠨ ᠤ ᠲᠣᠳᠣᠷ᠎ᠠ ᠴᠣᠷ ᠤᠨ ᠭᠠᠭᠴᠠ ᠪᠠᠶᠢᠳᠠᠭ ᠣᠨᠴᠠᠭᠠᠢ | ᠣᠷᠠᠯᠢᠭ ᠮᠥᠨ᠃ | 3. ᠮᠤᠩᠭᠤᠯ ᠦᠨᠳᠦᠰᠦᠳᠡᠨ ᠤ ᠮᠣᠷᠢᠨ ᠬᠤᠭᠤᠷ᠄ ︵2006 ᠣᠨ ᠤ5 ᠰᠠᠷ᠎ᠠ ᠶᠢᠨ20 ᠤ ᠡᠳᠦᠷ | ᠪᠦᠷᠢᠳᠭᠡᠭᠰᠡᠨ ᠲᠦᠷᠦᠭᠦᠤ ᠪᠦᠯᠦᠭ ᠣᠯᠤᠰ ᠤᠨ ᠲᠡᠰ ᠤᠨ ᠪᠤᠳᠠᠰ ᠤᠨ ᠪᠣᠰᠤ ᠰᠣᠶᠤᠯ ᠦᠪ ᠤᠨ ᠲᠦᠷᠦᠯ ᠵᠦᠢᠯ︶ | ᠮᠣᠷᠢᠨ ᠬᠤᠭᠤᠷ ᠪᠤᠯ ᠨᠢᠭᠡ ᠵᠦᠢᠯ ᠤᠨ ᠬᠤᠶᠠᠷ ᠴᠢᠪᠬᠠᠳᠠᠰᠤ ᠪᠦᠬᠦᠢ ᠴᠢᠪᠬᠠᠳᠠᠰᠣᠳᠤ ᠬᠦᠭᠵᠢᠮ᠂ ᠱᠠᠳᠤᠯᠵᠢᠨ | ᠬᠡᠯᠪᠡᠷᠢ ᠶᠢᠨ ᠬᠤᠭᠤᠷ ᠤᠨ ᠪᠡᠶ᠎ᠡ ᠵᠢᠴᠢ ᠮᠣᠷᠢᠨ ᠲᠤᠯᠤᠭᠠᠢ ᠶᠢᠨ ᠬᠡᠯᠪᠡᠷᠢ ᠲᠠᠢ ᠰᠡᠶᠢᠯᠵᠤ ᠪᠦᠳᠦᠭᠡᠭᠰᠡᠨ ᠬᠤᠭᠤᠷ | ᠤᠨ ᠪᠠᠷᠢᠭᠤᠯ ᠲᠠᠢ᠂ ᠮᠤᠩᠭᠤᠯ ᠬᠦᠮᠦᠨ ᠤ ᠬᠠᠮᠤᠭ ᠠᠴᠠ ᠪᠠᠭ᠋ᠠᠷᠳᠠᠭ ᠬᠦᠭᠵᠢᠮ ᠪᠤᠯᠬᠤ ᠶᠤᠮ᠃ | 4. ᠮᠤᠩᠭᠤᠯ ᠦᠨᠳᠦᠰᠦᠳᠡᠨ ᠤ ᠠᠨᠳᠠᠢ ᠪᠦᠵᠢᠭ᠄ ︵2006 ᠣᠨ ᠤ5 ᠰᠠᠷ᠎ᠠ ᠶᠢᠨ20 ᠤ ᠡᠳᠦᠷ | ᠪᠦᠷᠢᠳᠬᠡᠭᠰᠡᠨ ᠲᠦᠷᠦᠭᠦᠤ ᠪᠦᠯᠦᠭ ᠣᠯᠤᠰ ᠤᠨ ᠲᠡᠰ ᠤᠨ ᠪᠣᠳᠠᠰ ᠤᠨ ᠪᠤᠰᠤ ᠰᠣᠶᠤᠯ ᠤᠨ ᠦᠪ ᠤᠨ ᠲᠦᠷᠦᠯ | ᠵᠦᠢᠯ︶ ᠠᠨᠳᠠᠢ ᠪᠦᠵᠢᠭ ᠨᠢ ᠮᠢᠩ ᠤᠨ ᠰᠡᠭᠦᠯᠴᠢ ᠴᠢᠩ ᠤᠨ ᠡᠬᠢᠨ ᠳᠤ ᠬᠤᠷᠴᠢᠨ ᠤ ᠲᠠᠯ᠎ᠠ ᠨᠤᠳᠤᠭ ᠤᠨ ᠡᠮᠦᠨ᠎ᠡ | ᠬᠡᠰᠡᠭ ᠤᠨ ᠬᠦᠷᠢᠶ᠎ᠡ ᠬᠤᠰᠢᠭᠤ ᠠᠴᠠ ᠡᠭᠦᠰᠦᠯᠳᠡᠢ᠃ ᠬᠠᠮᠤᠭ ᠡᠬᠢᠨ ᠳᠤ ᠪᠠᠨ ᠡᠪᠡᠳᠴᠢᠨ ᠵᠠᠰᠠᠬᠤ ᠪᠦᠬᠡ ᠶᠢᠨ | ᠱᠠᠰᠢᠨ ᠤ ᠨᠢᠭᠡ ᠵᠦᠢᠯ ᠤᠨ ᠪᠦᠵᠢᠭ ᠪᠠᠶᠢᠵᠡᠢ᠂ ᠬᠤᠵᠢᠮ ᠨᠢ ᠠᠯᠭᠤᠷ ᠠᠭᠠᠵᠢᠮ ᠢᠶᠠᠷ ᠪᠠᠶᠠᠷ ᠪᠠᠭ᠋ᠠᠳᠤᠯᠳᠣ | ᠰᠡᠳᠭᠢᠯᠭᠡ ᠶᠢ ᠢᠯᠡᠷᠡᠭᠦᠯᠦᠭᠰᠡᠨ ᠦᠨᠳᠦᠰᠦᠳᠡᠨ ᠤ ᠠᠷᠠᠳ ᠤᠨ ᠪᠦᠵᠢᠭ ᠪᠤᠯᠪᠠ᠃ | 5. ᠮᠤᠩᠭᠤᠯ ᠦᠨᠳᠣᠰᠦᠳᠡᠨ ᠤ ᠠᠷᠠᠳ ᠤᠨ ᠲᠠᠭᠤᠣ᠄ ︵2008 ᠣᠨ ᠤ6 ᠰᠠᠷ᠎ᠠ ᠶᠢᠨ7 ᠡᠳᠦᠷ | ᠪᠦᠷᠢᠳᠬᠡᠭᠰᠡᠨ ᠬᠤᠶᠠᠳᠣᠭᠠᠷ ᠪᠦᠯᠦᠭ ᠣᠯᠤᠰ ᠤᠨ ᠲᠡᠰ ᠤᠨ ᠪᠤᠳᠠᠰ ᠤᠨ ᠪᠣᠰᠤ ᠰᠣᠶᠤᠯ ᠤᠨ ᠦᠪ ᠤᠨ ᠲᠦᠷᠦᠯ | ᠵᠦᠢᠯ︶ ᠮᠤᠩᠭᠤᠯ ᠦᠨᠳᠦᠰᠦᠳᠡᠨ ᠤ ᠠᠷᠠᠳ ᠤᠨ ᠲᠠᠭᠤᠣ ᠶᠢ ᠭᠤᠤᠯᠳᠠᠭᠤ ᠨᠠᠶᠢᠷ ᠤᠨ ᠲᠠᠭᠤᠤ ᠪᠤᠯᠤᠨ ᠬᠦᠳᠡᠭᠡ | ᠶᠢᠨ ᠲᠠᠭᠤᠣ ᠭᠡᠵᠤ ᠬᠤᠶᠠᠷ ᠬᠤᠪᠢᠶᠠᠨ᠎ᠠ᠃ ᠠᠭᠤᠯᠭ᠎ᠠ ᠨᠢ ᠲᠤᠩ ᠪᠠᠶᠠᠯᠢᠭ᠃ ᠢᠨᠠᠭ ᠬᠠᠶᠢᠷ᠎ᠠ ᠶᠢ ᠲᠠᠭᠤᠯᠠᠭᠰᠠᠨ᠂ | ᠠᠭᠳᠠ ᠬᠦᠯᠦᠭ ᠢ ᠮᠠᠭᠳᠠᠭᠰᠠᠨ᠂ ᠲᠠᠯ᠎ᠠ ᠨᠤᠳᠤᠭ ᠠᠭᠤᠯᠠ ᠬᠠᠶᠢᠷᠬᠠᠨ ᠵᠢᠴᠢ ᠣᠰᠤ ᠮᠦᠷᠡᠨ ᠢᠶᠠᠨ ᠬᠠᠶᠢᠷᠠᠯᠠᠨ | ᠮᠠᠭᠳᠠᠭᠰᠠᠨ ᠵᠡᠷᠭᠡ ᠪᠤᠢ᠂ ᠡᠳᠡᠭᠡᠷ ᠠᠷᠠᠳ ᠤᠨ ᠲᠠᠭᠤᠣ ᠨᠢ ᠮᠤᠩᠭᠤᠯ ᠦᠨᠳᠦᠰᠦᠳᠡᠨ ᠤ ᠵᠠᠩ ᠦᠢᠯᠡ ᠶᠢ | ᠠᠮᠢᠳᠣᠯᠢᠭ ᠲᠣᠰᠬᠠᠭᠰᠠᠨ ᠪᠠᠶᠢᠳᠠᠭ᠃ | 6. ᠨᠠᠭᠠᠳᠣᠮ᠄ ︵2006 ᠣᠨ ᠤ5 ᠰᠠᠷ᠎ᠠ ᠶᠢᠨ20 ᠤ ᠡᠳᠦᠷ ᠪᠦᠷᠢᠳᠬᠡᠭᠰᠡᠨ ᠲᠦᠷᠦᠭᠦᠤ ᠪᠦᠯᠦᠭ ᠣᠯᠤᠰ | ᠤᠨ ᠲᠡᠰ ᠤᠨ ᠪᠤᠳᠠᠰ ᠤᠨ ᠪᠤᠰᠤ ᠰᠣᠶᠤᠯ ᠤᠨ ᠦᠪ ᠤᠨ ᠲᠦᠷᠦᠯ ᠵᠦᠢᠯ︶ ᠨᠠᠭᠠᠳᠤᠮ ᠪᠤᠯ ᠮᠤᠩᠭᠤᠯ | ᠦᠨᠳᠦᠰᠦᠳᠡᠨ ᠤ ᠣᠷᠳᠤ ᠣᠳᠠᠭᠠᠨ ᠲᠡᠤᠬᠡ ᠲᠠᠢ ᠣᠯᠠᠮᠵᠢᠯᠠᠯᠳᠤ ᠪᠠᠶᠠᠷ ᠨᠠᠶᠢᠷ ᠤᠨ ᠠᠵᠢᠯᠯᠠᠭ᠎ᠠ᠂ ᠮᠤᠩᠭᠤᠯ | ᠦᠨᠳᠦᠰᠦᠳᠡᠨ ᠤ ᠠᠮᠢᠳᠣᠷᠠᠯ ᠳᠤ ᠲᠤᠩ ᠶᠡᠭᠡ ᠪᠠᠶᠢᠷᠢ ᠰᠠᠭᠤᠷᠢ ᠲᠠᠢ ᠪᠠᠶᠢᠳᠠᠭ᠃ | 7. ᠴᠢᠩᠬᠢᠰ ᠤᠨ ᠲᠠᠬᠢᠯᠭ᠎ᠠ᠄ ︵2006 ᠣᠨ ᠤ5 ᠰᠠᠷ᠎ᠠ ᠶᠢᠨ20 ᠤ ᠡᠳᠦᠷ ᠪᠦᠷᠢᠳᠬᠡᠭᠰᠡᠨ ᠲᠦᠷᠦᠭᠦᠣ | ᠪᠦᠯᠦᠭ ᠣᠯᠤᠰ ᠤᠨ ᠲᠡᠰ ᠤᠨ ᠪᠣᠳᠠᠰ ᠤᠨ ᠪᠣᠰᠤ ᠰᠣᠶᠤᠯ ᠤᠨ ᠦᠪ ᠤᠨ ᠲᠦᠷᠦᠯ ᠵᠦᠢᠯ︶ ᠴᠢᠩᠭᠢᠰ ᠤᠨ | ᠲᠠᠬᠢᠯᠭ᠎ᠠ ᠪᠤᠯ ᠮᠤᠩᠭᠤᠯ ᠦᠨᠳᠦᠰᠦᠳᠡᠨ ᠤ ᠴᠢᠩᠭᠢᠰ ᠢ ᠲᠠᠬᠢᠬᠤ ᠶᠣᠰᠤᠨ ᠪᠤᠯᠤᠨ᠎ᠠ᠃ ᠨᠢᠭᠡ ᠵᠢᠯ ᠵᠢᠷᠠᠭᠠᠳ | ᠣᠳᠠᠭ᠎ᠠ ᠲᠣᠰᠬᠠᠢ ᠲᠦᠷᠦᠯ ᠤᠨ ᠲᠠᠬᠢᠯᠭ᠎ᠠ ᠬᠢᠵᠤ᠂ ᠵᠢᠯ ᠪᠦᠷᠢ ᠶᠢᠨ ᠪᠢᠯᠢᠭ ᠤᠨ ᠣᠯᠠᠷᠢᠯ ᠤᠨ3 ᠰᠠᠷ᠎ᠠ ᠶᠢᠨ20 ᠤ | ᠡᠳᠦᠷ ᠬᠠᠪᠤᠷ ᠤᠨ ᠲᠠᠬᠢᠯᠭ᠎ᠠ ᠬᠢᠳᠡᠭ᠂ ᠡᠨᠡ ᠨᠢ ᠬᠦᠷᠢᠶ᠎ᠡ ᠬᠡᠪᠴᠢᠶ᠎ᠡ ᠪᠠᠷ ᠬᠠᠮᠤᠭ ᠤᠨ ᠶᠡᠭᠡ᠂ ᠦᠪᠡᠳᠡᠭᠰᠢ ᠶᠡᠭᠡ | ᠲᠠᠬᠢᠯᠭ᠎ᠠ ᠪᠣᠯᠣᠨ᠎ᠠ᠃ | 8. ᠮᠤᠩᠭᠤᠯ ᠦᠨᠳᠦᠰᠦᠳᠡᠨ ᠤ ᠲᠦᠷᠪᠡᠨ ᠣᠳᠠᠰᠣᠳᠤ ᠬᠤᠭᠤᠷ ᠤᠨ ᠬᠦᠭᠵᠢᠮ᠄ ︵2006 ᠣᠨ ᠳᠤ | ᠪᠦᠷᠢᠳᠬᠡᠭᠰᠡᠨ ᠣᠯᠤᠰ ᠤᠨ ᠲᠡᠰ ᠤᠨ ᠪᠣᠳᠠᠰ ᠤᠨ ᠪᠣᠰᠤ ᠰᠣᠶᠤᠯ ᠤᠨ ᠦᠪ ᠤᠨ ᠲᠦᠷᠦᠯ ᠵᠦᠢᠯ︶ ᠮᠤᠩᠭᠤᠯ | ᠦᠨᠳᠦᠰᠦᠳᠡᠨ ᠤ ᠲᠦᠷᠪᠡᠨ ᠣᠳᠠᠰᠣᠳᠤ ᠬᠤᠭᠤᠷ ᠤᠨ ᠬᠦᠭᠵᠢᠮ ᠪᠤᠯ ᠲᠤᠮᠳᠠᠳᠤ ᠣᠯᠤᠰ ᠤᠨ ᠪᠣᠳᠠᠰ ᠤᠨ ᠪᠣᠰᠤ | ᠰᠣᠶᠤᠯ ᠤᠨ ᠦᠪ ᠤᠨ ᠨᠢᠭᠡ ᠪᠤᠯᠤᠨ᠎ᠠ᠃ ᠮᠤᠩᠭᠤᠯ ᠦᠨᠳᠦᠰᠦᠳᠡᠨ ᠤ ᠲᠦᠷᠪᠡᠨ ᠣᠳᠠᠰᠣᠳᠤ ᠬᠤᠭᠤᠷ ᠤᠨ | ᠬᠦᠭᠵᠢᠮ ᠨᠢ ᠮᠤᠩᠭᠤᠯ ᠦᠨᠳᠦᠰᠦᠳᠡᠨ ᠤ ᠣᠨᠴᠠᠯᠢᠭ ᠪᠦᠬᠦᠢ ᠬᠦᠭᠵᠢᠮᠳᠡᠭᠦᠷ ᠤᠨ ᠨᠢᠭᠡ᠃ ᠭᠤᠤᠯᠳᠠᠭᠤ ᠲᠤᠮᠳᠠᠳᠤ | ᠣᠯᠤᠰ ᠤᠨ ᠬᠤᠶᠢᠳᠤ ᠬᠡᠰᠡᠭ ᠤᠨ ᠮᠤᠩᠭᠤᠯ ᠦᠨᠳᠦᠰᠦᠳᠡᠨ᠂ ᠬᠢᠳᠠᠳ ᠦᠨᠳᠦᠰᠦᠳᠡᠨ ᠪᠤᠯᠤᠨ ᠮᠤᠩᠭᠤᠯ ᠣᠯᠤᠰ | ᠤᠨ ᠬᠢᠯᠢ ᠲᠣᠳᠣᠷ᠎ᠠ ᠣᠯᠠᠮᠵᠢᠯᠠᠭᠳᠠᠵᠤ ᠪᠠᠶᠢᠨ᠎ᠠ᠃ | 9. ᠮᠤᠩᠭᠤᠯ ᠦᠨᠳᠦᠰᠦᠳᠡᠨᠣ ᠴᠣᠭᠤᠷ᠄ ︵2008 ᠣᠨ ᠤ6 ᠰᠠᠷ᠎ᠠ ᠳᠤ ᠪᠦᠷᠢᠳᠬᠡᠭᠰᠡᠨ ᠬᠤᠶᠠᠳᠣᠭᠠᠷ | ᠪᠦᠯᠦᠭ ᠣᠯᠤᠰᠤᠨ ᠲᠡᠰᠤᠨ ᠪᠣᠳᠠᠰ ᠤᠨ ᠪᠣᠰᠤ ᠰᠣᠶᠤᠯᠤᠨ ᠦᠪ ᠤᠨ ᠲᠦᠷᠦᠯ ᠵᠦᠢᠯ︶ ᠴᠣᠭᠤᠷ ᠪᠤᠯ | ᠰᠢᠨᠵᠢᠶᠠᠩᠤᠨ ᠮᠤᠩᠭᠤᠯ ᠦᠨᠳᠦᠰᠦᠳᠡᠨᠣ ᠲᠣᠸᠠ ᠬᠦᠮᠦᠨᠣ ᠦᠯᠢᠶᠡᠳᠡᠭ ᠨᠢᠭᠡ ᠵᠦᠢᠯᠤᠨ ᠡᠷᠳᠡᠨᠣ ᠬᠦᠭᠵᠢᠮ᠂ | ᠲᠡᠷᠡ ᠨᠢ ᠲᠡᠤᠬᠡ᠂ ᠰᠣᠶᠤᠯ ᠵᠢᠴᠢ ᠰᠢᠨᠵᠢᠯᠡᠬᠦ ᠣᠬᠠᠭᠠᠨ ᠤ ᠦᠨ᠎ᠡ ᠦᠷᠳᠡᠭᠢ ᠲᠤᠪᠤᠶᠢᠯᠭᠠᠵᠤ ᠪᠠᠶᠢᠳᠠᠭ᠃ | 10. ᠮᠤᠩᠭᠤᠯ ᠦᠨᠳᠦᠰᠦᠳᠡᠨ ᠪᠦᠬᠡ᠄ ︵2006 ᠣᠨ ᠪᠦᠷᠢᠳᠬᠡᠭᠰᠡᠨ ᠲᠦᠷᠦᠭᠦᠣ ᠪᠦᠯᠦᠭ ᠤᠯᠣᠰ ᠤᠨ | ᠲᠡᠰ ᠤᠨ ᠪᠣᠳᠠᠰ ᠤᠨ ᠪᠣᠰᠣ ᠰᠣᠶᠤᠯ ᠤᠨ ᠦᠪ ᠤᠨ ᠲᠦᠷᠦᠯ ᠵᠦᠢᠯ︶ ᠪᠦᠬᠡ ᠪᠤᠯ ᠮᠤᠩᠭᠤᠯ ᠦᠨᠳᠦᠰᠦᠳᠡᠨ ᠤ | ᠣᠯᠠᠮᠵᠢᠯᠠᠯᠳᠤ ᠪᠡᠶ᠎ᠡ ᠲᠡᠮᠢᠷ᠂ ᠵᠤᠭ᠎ᠠ ᠴᠡᠩᠭᠡᠯ ᠤᠨ ᠠᠵᠢᠯᠯᠠᠭ᠎ᠠ ᠶᠢᠨ ᠨᠢᠭᠡ ᠪᠤᠯᠬᠤ ᠪᠦᠭᠡᠳ ᠮᠤᠩᠭᠤᠯ ᠦᠨᠳᠦᠰᠦᠳᠡᠨ | ᠤ ᠡᠷ᠎ᠡ ᠶᠢᠨ ᠭᠤᠷᠪᠠᠨ ᠨᠠᠭᠠᠳᠤᠮ ᠤᠨ ᠲᠦᠷᠦᠭᠦᠨ ᠳᠤ ᠪᠤᠢ᠃ ᠣᠪᠤᠭ᠎ᠠ ᠲᠠᠬᠢᠬᠤ ᠪᠤᠶᠤ ᠨᠠᠶᠢᠷ ᠡᠷᠬᠢᠯᠡᠬᠦ ᠳᠤ ᠪᠦᠬᠡ | ᠪᠠᠷᠢᠯᠳᠣᠬᠤ ᠨᠢ ᠲᠤᠳᠠᠭᠳᠠᠵᠤ ᠪᠤᠯᠤᠰᠢ ᠦᠭᠡᠢ ᠴᠢᠬᠤᠯᠠ ᠨᠢᠭᠡ ᠠᠭᠤᠯᠭ᠎ᠠ ᠪᠤᠯᠬᠤ ᠶᠤᠮ᠃ |