ᠭᠢᠷᠢᠨ ᠮᠣᠵᠢ ᠶᠢᠨ ᠴᠤᠷ ᠤᠨ ᠭᠠᠭᠴᠠ ᠮᠣᠩᠭᠤᠯ ᠦᠨᠳᠦᠰᠦᠳᠡᠨ ᠤ ᠦᠪᠡᠷᠳᠡᠬᠡᠨ ᠵᠠᠰᠠᠬᠤ ᠰᠢᠶᠠᠨ ᠪᠤᠯᠬᠤ | ᠡᠮᠦᠨᠡᠳᠣ ᠭᠤᠷᠯᠣᠰ ᠤᠨ ᠮᠣᠩᠭᠤᠯ ᠦᠨᠳᠦᠰᠦᠳᠡᠨ ᠤ ᠦᠪᠡᠷᠳᠡᠬᠡᠨ ᠵᠠᠰᠠᠬᠤ ᠰᠢᠶᠠᠨ ᠪᠣᠯ ᠦᠨᠢ ᠣᠳᠠᠭᠠᠨ ᠲᠡᠦᠬᠡ | ᠲᠠᠢ᠂ ᠦᠪ ᠵᠤᠵᠠᠭᠠᠨ ᠰᠣᠶᠣᠯ ᠲᠠᠢ ᠦᠨᠢᠷ ᠪᠠᠶᠠᠯᠢᠭ ᠨᠣᠲᠤᠭ ᠶᠣᠮ᠃ ᠣᠯᠠᠨ ᠦᠨᠳᠣᠰᠣᠳᠡᠨ ᠤ 60 ᠭᠠᠷᠤᠢ | ᠲᠦᠮᠡᠨ ᠬᠥᠮᠥᠨ ᠠᠷᠠᠳ ᠠᠵᠣ ᠲᠦᠷᠦᠨ ᠠᠮᠢᠳᠣᠷᠠᠵᠣ ᠪᠠᠶᠢᠭ᠎ᠠ ᠡᠨᠡ ᠨᠣᠲᠤᠭ ᠲᠤ ᠮᠣᠩᠭᠤᠯᠴᠣᠳ ᠤᠨ ᠲᠤᠭ᠎ᠠ | ᠵᠠᠭᠤᠨ ᠤ 11 ᠶᠢ ᠨᠢ ᠡᠵᠡᠯᠡᠵᠣ ᠪᠠᠶᠢᠳᠠᠭ᠃ ᠨᠠᠮ ᠲᠦᠷᠦ ᠠᠴᠠ ᠦᠨᠳᠣᠰᠦᠳᠡᠨ ᠤ ᠣᠯᠠᠮᠵᠢᠯᠠᠯᠳᠣ ᠰᠣᠶᠣᠯ ᠢ | ᠳᠡᠭᠡᠳᠣ ᠬᠡᠮᠵᠢᠶ᠎ᠡ ᠪᠠᠷ ᠴᠢᠬᠤᠯᠠᠴᠢᠯᠠᠨ ᠦᠵᠡᠵᠦ ᠪᠠᠶᠢᠬᠤ ᠠᠵᠠ ᠲᠤᠬᠢᠶᠠᠯ ᠢᠶᠠᠷ ᠡᠮᠦᠨᠡᠲᠣ ᠭᠤᠷᠯᠣᠰ ᠤᠨ ᠬᠢᠨ ᠣᠯᠠᠨ | ᠵᠢᠯ ᠤᠨ ᠲᠣᠷᠰᠢ ᠪᠤᠳᠡᠰ ᠤᠨ ᠪᠣᠰᠣ ᠰᠣᠶᠣᠯ ᠤᠨ ᠦᠪ ᠢ ᠠᠭᠤᠳᠠᠯᠬᠤ᠂ ᠡᠮᠬᠢᠯᠡᠬᠦ᠂ ᠬᠠᠮᠠᠭᠠᠯᠠᠬᠤ ᠪᠠ ᠣᠯᠠᠮᠵᠢᠯᠠᠬᠤ | ᠠᠵᠢᠯ ᠢᠶᠠᠨ ᠡᠷᠴᠢᠮᠳᠡᠢ ᠦᠷᠨᠢᠬᠦᠯᠵᠣ ᠡᠯᠪᠡᠭ ᠦᠷ᠎ᠡ ᠪᠦᠳᠦᠬᠡᠯ ᠣᠯᠵᠡᠢ᠃ ᠣᠳᠣ ᠡᠨᠡ ᠨᠣᠲᠤᠭ ᠲᠤ ᠡᠯ᠎ᠡ ᠳᠡᠰ ᠤᠨ | ᠨᠡᠶᠢᠳᠡ ᠵᠠᠭᠤ ᠭᠠᠷᠣᠢ ᠪᠤᠳᠡᠰ ᠤᠨ ᠪᠣᠰᠣ ᠰᠣᠶᠣᠯ ᠤᠨ ᠦᠪ ᠲᠠᠢ ᠪᠠᠶᠢᠭ᠎ᠠ ᠶᠣᠮ᠂ ᠡᠭᠦᠨ ᠳᠤ ᠦᠯᠢᠭᠡᠷ᠂ ᠮᠣᠷᠢᠨ | ᠬᠤᠭᠤᠷ᠂ ᠭᠤᠷᠯᠣᠰ ᠠᠷᠠᠳ ᠤᠨ ᠳᠠᠭᠤᠣ ᠵᠡᠷᠭᠡ ᠨᠢ ᠣᠯᠣᠰ ᠤᠨ ᠳᠡᠰ ᠤᠨ ᠪᠤᠳᠡᠰ ᠤᠨ ᠪᠣᠰᠣ ᠰᠣᠶᠣᠯ ᠤᠨ | ᠦᠪ ᠢᠶᠠᠷ ᠪᠦᠷᠢᠳᠬᠡᠬᠦᠯᠦᠭᠰᠡᠨ ᠪᠠᠶᠢᠨ᠎ᠠ᠃ | ᠰᠣᠶᠣᠯ ᠪᠣᠯ ᠦᠨᠳᠣᠰᠣᠳᠡᠨ ᠤ ᠰᠦᠭ ᠰᠦᠨᠡᠰᠣ ᠮᠦᠨ᠃ ᠦᠨᠳᠣᠰᠣᠳᠡᠨ ᠤ ᠰᠣᠶᠣᠯ ᠢᠶᠠᠨ ᠦᠪᠯᠡᠨ | ᠬᠠᠮᠠᠭᠠᠯᠠᠵᠤ ᠣᠬᠠᠭᠤᠯᠣᠨ ᠬᠦᠭᠵᠢᠬᠦᠯᠬᠦ ᠳᠤ ᠨᠠᠮ ᠵᠠᠰᠠᠭ ᠤᠨ ᠥᠭᠭᠢᠶᠡᠮᠦᠷᠢ ᠲᠦᠷᠦ ᠶᠢᠨ ᠪᠣᠳᠣᠯᠭ᠎ᠠ | ᠱᠠᠭᠠᠷᠳᠠᠭᠳᠠᠬᠤ ᠪᠠᠷ ᠪᠠᠷᠠᠬᠤ ᠦᠬᠡᠢ ᠦᠨᠳᠣᠰᠣᠳᠡᠨ ᠤ ᠪᠠᠨ ᠲᠡᠦᠬᠡ ᠰᠣᠶᠣᠯ ᠳᠠᠭᠠᠨ ᠬᠢᠵᠠᠭᠠᠷ ᠦᠬᠡᠢ ᠬᠠᠶᠢᠷᠠᠳᠠᠢ | ᠪᠠᠶᠢᠳᠠᠭ ᠭᠠᠷᠮᠠᠭᠠᠢ ᠵᠢᠳᠬᠦᠯᠳᠡᠳ ᠠᠴᠠ ᠰᠠᠯᠵᠣ ᠴᠢᠳᠠᠬᠤ ᠦᠬᠡᠢ ᠨᠢ ᠦᠨᠡᠨ᠃ ︽ᠨᠣᠲᠤᠭ ᠲᠠᠢ ᠬᠦᠮᠦᠨ ᠢ ᠡᠵᠡᠨ | ᠭᠡᠳᠡᠭ᠂ ᠡᠵᠡᠨ ᠲᠠᠢ ᠭᠠᠵᠠᠷ ᠢ ᠨᠣᠲᠤᠭ ᠭᠡᠳᠡᠭ︾᠃ ᠭᠤᠷᠯᠣᠰ ᠨᠤᠲᠤᠭ ᠲᠠᠭᠠᠨ ᠡᠵᠡᠨ ᠶᠣᠰᠣᠭᠠᠷ ᠴᠡᠬᠡᠵᠢ ᠲᠡᠨᠢᠭᠡᠷ | ᠶᠠᠪᠣᠭ᠎ᠠ ᠢᠯᠴᠢ ᠭᠤᠸᠠᠢ 2007 ᠣᠨ ᠠᠴᠠ ᠡᠬᠢᠯᠡᠨ ᠪᠤᠳᠡᠰ ᠤᠨ ᠪᠣᠰᠣ ᠰᠣᠶᠣᠯ ᠤᠨ ᠦᠪ ᠢ ᠪᠦᠷᠢᠳᠬᠡᠬᠦᠯᠬᠦ | ᠠᠵᠢᠯ ᠳᠤ ᠣᠯᠠᠨ ᠵᠢᠯ ᠴᠢᠷᠮᠠᠶᠢᠨ ᠵᠢᠳᠬᠦᠭᠰᠡᠭᠡᠷ ᠢᠷᠡᠵᠡᠢ᠃ ᠣᠳᠣ ᠲᠡᠷᠡᠪᠡᠷ ᠴᠢᠩᠬᠢᠰ ᠬᠠᠭᠠᠨ ᠤ ᠰᠣᠶᠣᠯ ᠤᠨ | ᠬᠦᠷᠢᠶᠡᠯᠡᠩ ᠤᠨ ᠬᠠᠮᠢᠶᠠᠷᠣᠯᠳᠠ ᠶᠢᠨ ᠲᠦᠪ ᠤᠨ ᠡᠷᠬᠢᠯᠡᠭᠴᠢ ᠶᠢᠨ ᠲᠣᠰᠢᠶᠠᠯ ᠢ ᠬᠠᠷᠢᠭᠤᠴᠠᠬᠤ ᠶᠢᠨ ᠳᠠᠭᠠᠣ ᠪᠠᠰᠠ | ᠰᠦᠩᠶᠣᠸᠠᠨ ᠬᠤᠲᠠ ᠶᠢᠨ ᠮᠣᠩᠭᠤᠯ ᠦᠨᠳᠣᠰᠣᠳᠡᠨ ᠤ ᠰᠣᠶᠣᠯ ᠤᠨ ᠦᠪ ᠢ ᠬᠠᠮᠠᠭᠠᠯᠠᠬᠤ ᠨᠡᠶᠢᠬᠡᠮᠯᠢᠭ ᠤᠨ ᠳᠠᠷᠤᠭ᠎ᠠ᠂ | ᠡᠮᠦᠨᠡᠳᠣ ᠭᠤᠷᠯᠣᠰ ᠤᠨ ᠮᠣᠩᠭᠤᠯ ᠦᠨᠳᠣᠰᠣᠳᠡᠨ ᠤ ᠰᠣᠶᠣᠯ ᠪᠠ ᠠᠷᠠᠯᠵᠢᠶ᠎ᠠ ᠶᠢ ᠠᠬᠢᠭᠤᠯᠬᠤ ᠨᠡᠶᠢᠬᠡᠮᠯᠢᠭ ᠤᠨ | ᠳᠡᠳ᠋ ᠳᠠᠷᠤᠭ᠎ᠠ ᠵᠡᠷᠭᠡ ᠲᠣᠰᠢᠶᠠᠯ ᠢ ᠡᠬᠦᠷᠭᠡᠯᠡᠵᠣ᠂ ᠨᠣᠲᠤᠭ ᠤᠨ ᠵᠣᠨ ᠣᠯᠠᠨ ᠲᠠᠢ ᠪᠠᠨ ᠬᠠᠮᠳᠣ ᠦᠨᠳᠣᠰᠣᠳᠡᠨ ᠤ | ᠦᠪ ᠰᠣᠶᠣᠯ ᠢᠶᠠᠨ ᠣᠯᠠᠮᠵᠢᠯᠠᠨ ᠵᠠᠯᠭᠠᠮᠵᠢᠯᠠᠵᠣ᠂ ᠦᠷᠦᠬᠡᠯ ᠪᠣᠰᠣᠳ ᠲᠤ ᠣᠬᠠᠭᠤᠯᠣᠨ ᠳᠠᠨᠢᠭᠤᠯᠬᠤ ᠠᠵᠢᠯ ᠳᠤ | ᠦᠷᠬᠦᠯᠵᠢᠯᠡᠨ ᠭᠠᠯ ᠬᠠᠯᠠᠭᠤᠨ ︽ᠢᠯᠴᠢ︾ ᠪᠠᠨ ᠪᠠᠳᠠᠷᠠᠭᠠᠵᠤ᠂ ᠬᠦᠴᠦᠨ ᠵᠢᠳᠬᠦᠯ ᠢᠶᠠᠨ ᠭᠠᠷᠭᠠᠨ᠂ ᠨᠡᠮᠡᠷᠢ | ᠬᠠᠨᠳᠢᠪ ᠢᠶᠠᠨ ᠡᠷᠬᠦᠵᠣ ᠶᠠᠪᠣᠨ᠎ᠠ᠃ |