ᠨᠢᠭᠡ᠂ ᠬᠠᠮᠤᠭ ᠠᠩᠬᠠᠨ ᠤ ᠬᠠᠭᠤᠷᠠᠢ ᠰᠦ | ᠠᠯᠢᠪᠠ ᠠᠮᠢᠳᠠᠨ ᠤ ᠠᠷᠢᠭᠤᠨ ᠴᠠᠭᠠᠨ ᠰᠦ ᠢ ︽ᠪᠣᠷᠬᠠᠨ︾ ᠵᠤᠬᠢᠶᠠᠭᠰᠠᠨ ᠪᠢᠵᠠ᠂ ᠬᠠᠷᠢᠨ ᠬᠠᠭᠤᠷᠠᠢ ᠰᠦ ᠢ | ᠬᠦᠮᠦᠨ ᠬᠢᠵᠡᠢ᠃ ᠭᠡᠬᠦ ᠳᠡᠭᠡᠨ ᠬᠦᠮᠦᠨ ᠲᠦᠷᠦᠯᠬᠢᠳᠡᠨ ᠠᠴᠠ ᠠᠩᠬ᠎ᠠ ᠲᠦᠷᠦᠭᠦᠣ ᠮᠤᠩᠭᠤᠯ ᠬᠦᠮᠦᠨ ᠬᠢᠭᠰᠡᠨ | ᠪᠠᠶᠢᠵᠤ ᠪᠣᠯᠬᠤ ᠶᠤᠮ᠃ ᠪᠠᠷᠢᠮᠳᠠ ᠭᠡᠪᠡᠰᠤ 1275 ᠣᠨ ᠳᠤ ᠢᠷᠡᠵᠤ ᠬᠤᠪᠢᠯᠠᠢ ᠬᠠᠭᠠᠨ ᠤ ᠠᠯᠪᠠᠨ ᠳᠤ 17 ᠵᠢᠯ | ᠵᠢᠳᠬᠦᠭᠰᠡᠨ ᠢᠲᠠᠯᠢ ᠶᠢᠨ ᠠᠯᠳᠠᠷᠳᠤ ᠵᠢᠭᠤᠯᠴᠢᠨ ᠮᠠᠷᠺᠤ ᠫᠤᠯᠤ ᠮᠤᠩᠭᠤᠯᠴᠣᠳ 13 ᠳ᠋ᠣᠭᠠᠷ ᠵᠠᠭᠤᠨ ᠳᠤ ᠬᠠᠭᠤᠷᠠᠢ | ᠰᠦ ᠬᠡᠷᠡᠭᠯᠡᠳᠡᠭ ᠪᠠᠶᠢᠭᠰᠠᠨ ᠲᠣᠬᠠᠢ ᠪᠢᠴᠢᠵᠡᠢ᠃ | ᠮᠤᠩᠭᠤᠯᠴᠣᠳ ᠬᠠᠭᠤᠷᠠᠢ ᠰᠦ ᠬᠢᠵᠤ ᠪᠠᠶᠢᠭᠰᠠᠨ ᠭᠡᠬᠦ ᠳᠤ ᠬᠠᠴᠢᠷᠬᠠᠬᠤ᠂ ᠭᠠᠶᠢᠬᠠᠬᠤ ᠬᠦᠮᠦᠨ ᠪᠠᠶᠢᠵᠤ | ᠪᠤᠯᠬᠤ ᠶᠤᠮ᠂ ᠭᠡᠪᠡᠴᠤ ᠦᠨᠡᠬᠡᠷ ᠬᠠᠭᠤᠷᠠᠢ ᠰᠦ ᠬᠢᠳᠡᠭ ᠪᠠᠶᠢᠵᠡᠢ᠃ ᠶᠠᠭᠠᠬᠢᠵᠤ ᠬᠢᠳᠡᠭ ᠪᠠᠶᠢᠪᠠ ᠭᠡᠪᠡᠯ ᠰᠦᠨ ᠳᠤ | ᠰᠢᠷ᠎ᠠ᠂ ᠴᠠᠭᠠᠨ ᠪᠣᠳᠠᠭ᠎ᠠ ᠪᠠᠭ᠎ᠠ ᠪᠠᠭ᠎ᠠ ᠪᠠᠷ ᠬᠢᠵᠤ ᠪᠠᠭ᠋ᠠᠨ ᠪᠤᠴᠠᠯᠭᠠᠭᠰᠠᠭᠠᠷ ᠴᠦᠴᠦᠭᠡᠢ ᠰᠢᠭ ᠪᠣᠯᠭᠠᠵᠤ ᠬᠠᠳᠠᠭᠠᠨ | ᠲᠠᠯᠬᠠᠳᠠᠵᠤ ᠬᠡᠷᠡᠭᠯᠡᠬᠦ ᠨᠢᠭᠡ ᠠᠷᠭ᠎ᠠ ᠪᠠᠶᠢᠪᠠ᠃ ᠪᠠᠰᠠ ᠰᠠᠪᠠᠨ ᠳᠤ ᠳᠡᠭᠡᠷᠡᠬᠢ ᠶᠢ ᠬᠠᠯᠠᠭᠠᠨ ᠪᠠᠭ᠎ᠠ ᠪᠠᠭ᠎ᠠ ᠪᠠᠷ ᠬᠢᠵᠤ | ᠬᠤᠰᠣᠮᠳᠠᠭᠤᠯᠬᠤ ᠮᠠᠶ᠋ᠢᠭ ᠢᠶᠠᠷ ᠬᠠᠲᠠᠭᠠᠵᠤ ᠲᠠᠯᠬᠠᠳᠠᠳᠠᠭ ᠪᠠᠶᠢᠵᠡᠢ᠃ | ᠬᠤᠶᠠᠷ᠂ ᠳᠡᠯᠡᠬᠡᠢ ᠶᠢᠨ ᠬᠠᠮᠤᠭ ᠦᠨᠡᠳᠡᠢ ᠨᠤᠮ | 1986 ᠣᠨ ᠳᠤ ᠯᠤᠨᠳᠤᠨ ᠳᠤ ᠪᠤᠯᠤᠭᠰᠠᠨ ᠨᠤᠮ ᠤᠨ ᠵᠠᠬ᠎ᠠ ᠳᠡᠭᠡᠷ᠎ᠡ ︽ᠭᠧᠨ᠋ᠷᠢ ᠯᠢᠸ᠋ ᠤᠨ ᠰᠣᠳᠤᠷ︾ ᠭᠡᠮᠡᠬᠦ | 226 ᠬᠠᠭᠤᠳᠠᠰᠤ ᠪᠦᠬᠦᠢ ᠨᠤᠮ ᠤᠨ ᠭᠠᠷ ᠪᠢᠴᠢᠮᠡᠯ ᠡᠬᠡ 8 ᠰᠠᠶ᠎ᠠ 140 ᠮᠢᠩᠭᠠᠨ ᠹᠦᠨᠲ ᠰᠲ᠋ᠧᠷᠯᠢᠭ ᠤᠨ | ᠦᠨ᠎ᠡ ᠬᠦᠷᠴᠡᠢ᠃ ᠣᠷᠳᠤ ᠨᠢ 34.3 ᠰᠡᠨᠲ᠋ᠢᠮᠧᠲᠷ᠂ ᠦᠷᠭᠡᠨ ᠨᠢ 25.4 ᠰᠡᠨᠲ᠋ᠢᠮᠧᠲᠷ ᠬᠡᠮᠵᠢᠶ᠎ᠡ ᠲᠠᠢ ᠨᠤᠮ ᠢ | 1170 ᠣᠨ ᠾᠧᠷᠢᠮᠠᠨ ᠭᠡᠮᠡᠬᠦ ᠭᠡᠯᠦᠩ ᠵᠢᠷᠤᠭᠯᠠᠨ ᠴᠢᠮᠡᠵᠡᠢ᠃ ᠬᠡᠪᠯᠡᠭᠳᠡᠭᠰᠡᠨ ᠨᠤᠮ ᠠᠴᠠ ᠬᠠᠮᠤᠭ ᠤᠨ ᠶᠡᠭᠡ | ᠦᠨ᠎ᠡ ᠬᠦᠷᠦᠭᠰᠡᠨ ᠨᠢ 1454 ᠣᠨ ᠳᠤ ᠪᠠᠷᠠᠭᠤᠨ ᠭᠧᠷᠮᠠᠨ ᠤ ᠮᠠᠶᠢᠨᠽᠢ ᠬᠤᠳᠠ ᠳᠤ ᠵᠦᠪᠬᠡᠨ 21 ᠬᠤᠪᠢ | ᠨᠡᠶᠢᠳᠡᠯᠡᠭᠳᠡᠭᠰᠡᠨ ︽ᠭᠦᠲ᠋ᠧᠨ᠋ᠪᠧᠷᠢᠭ ᠤᠨ ᠪᠢᠪᠯᠢ︾ ᠰᠣᠳᠣᠷ ᠪᠦᠭᠡᠳ 1978 ᠣᠨ ᠳᠤ ᠨᠢᠦ᠋ ᠶᠣᠷᠺ ᠬᠤᠳᠠᠨ᠎ᠠ | ᠪᠣᠯᠤᠭᠰᠠᠨ ᠨᠣᠮ ᠤᠨ ᠵᠠᠬ᠎ᠠ ᠳᠡᠭᠡᠷ᠎ᠡ 2 ᠰᠠᠶ᠎ᠠ 400 ᠳ᠋ᠣᠯᠯᠠᠷ ᠬᠦᠷᠴᠡᠢ᠃ | ᠲᠡᠭᠡᠪᠡᠯ ᠡᠳᠡᠭᠡᠷ ᠠᠴᠠ ᠦᠨᠡᠳᠡᠢ ᠨᠤᠮ ᠪᠠᠰᠠ ᠪᠠᠶᠢᠨ᠎ᠠ ᠤᠤ︖ ᠪᠠᠶᠢᠨ᠎ᠠ᠃ ᠮᠤᠩᠭᠤᠯ ᠤᠯᠤᠰ ᠲᠤ ᠪᠤᠢ᠃ | ︽ᠣᠯᠠᠨ᠎ᠠ ᠡᠷᠭᠦᠭᠳᠡᠭᠰᠡᠨ ᠤ ᠲᠠᠪᠣᠳᠣᠭᠠᠷ ᠣᠨ︾ ᠭᠡᠮᠡᠬᠦ ᠮᠤᠩᠭᠤᠯ ᠲᠦᠪᠡᠳ ᠦᠰᠦᠭ ᠬᠠᠪᠰᠣᠷᠭᠠᠭᠰᠠᠨ 17 | ᠬᠠᠭᠤᠳᠠᠰᠤ ᠪᠦᠬᠦᠢ ᠰᠣᠳᠤᠷ ᠶᠤᠮ᠃ ᠴᠡᠪᠡᠷ ᠠᠯᠳᠠᠨ ᠢᠯᠳᠡᠰᠦᠨ ᠪᠦᠬᠦᠢ ᠲᠡᠷᠡ ᠰᠣᠳᠣᠷ ᠲᠤ 7.372 ᠺᠢᠯᠦᠭᠷᠠᠮ | ᠠᠯᠳᠠ ᠣᠷᠣᠵᠡᠢ᠃ ᠰᠢᠷ᠎ᠠ ᠲᠣᠷᠭᠠᠨ ᠪᠠᠷᠢᠨᠳᠠᠭ ᠲᠠᠢ ᠲᠡᠷᠡ ᠡᠷᠳᠡᠨᠢ ᠶᠢᠨ ᠰᠣᠳᠤᠷ ᠮᠤᠩᠭᠤᠯ ᠤᠯᠤᠰ ᠤᠨ ᠪᠠᠩᠬᠢ | ᠳᠤ ᠪᠠᠳᠤ ᠬᠠᠳᠠᠭᠠᠯᠠᠭᠳᠠᠵᠤ ᠪᠠᠶᠢᠨ᠎ᠠ᠃ | ᠭᠤᠷᠪᠠ᠂ ᠪᠠᠶᠢᠭᠠᠯᠢ ᠶᠢ ᠬᠠᠮᠠᠭᠠᠯᠠᠬᠤ ᠬᠠᠮᠤᠭ ᠤᠨ ᠡᠷᠳᠡᠨ ᠤ ᠬᠠᠤᠯᠢ ᠴᠠᠭᠠᠵᠠ | ᠮᠤᠩᠭᠤᠯᠴᠣᠳ ᠪᠠᠶᠢᠭᠠᠯᠢ ᠣᠷᠴᠢᠨ ᠢᠶᠠᠨ ᠬᠠᠮᠠᠭᠠᠯᠠᠬᠤ ᠣᠯᠠᠨ ᠵᠠᠭᠤᠨ ᠤ ᠪᠠᠶᠠᠯᠢᠭ ᠣᠯᠠᠮᠵᠢᠯᠠᠯ ᠲᠠᠢ᠃ ᠮᠠᠨ | ᠤ ᠡᠷᠡᠨ ᠠᠴᠠ ᠡᠮᠦᠨ᠎ᠡ 3 ᠳ᠋ᠣᠭᠠᠷ ᠵᠠᠭᠤᠨ ᠤ ᠦᠶ᠎ᠡ ᠳᠤ ᠡᠾᠦ᠋ᠡᠭᠡᠨᠦᠴᠦᠳ ᠣᠳᠬᠤᠨ ᠲᠡᠭᠷᠢ ᠠᠭᠤᠯᠠ ᠶᠢ | ᠲᠠᠬᠢᠵᠤ ᠵᠤᠨ ᠨᠠᠮᠤᠷ ᠤᠨ ᠴᠠᠭ ᠲᠤ ᠶᠡᠭᠡ ᠳᠠᠶᠢᠯᠠᠯᠭᠠᠨ ᠬᠢᠳᠡᠭ ᠪᠠᠶᠢᠵᠡᠢ᠃ ᠮᠥᠨ ᠬᠠᠨ ᠬᠡᠨᠳᠡᠢ ᠠᠭᠤᠯᠠ ᠶᠢ | ᠲᠠᠬᠢᠵᠤ ᠪᠠᠶᠢᠭᠰᠠᠨ ᠮᠡᠳᠡᠭᠡ 13 ᠳ᠋ᠣᠭᠠᠷ ᠵᠠᠭᠤᠨ ᠤ ᠰᠣᠷᠪᠤᠯᠵᠢ ᠪᠢᠴᠢᠭ ︽ᠮᠤᠩᠭᠤᠯ ᠤᠨ ᠨᠢᠭᠤᠴᠠ ᠲᠤᠪᠴᠢᠶᠠᠨ︾ | ᠳᠤ ᠪᠠᠶᠢᠳᠠᠭ᠃ | ᠮᠤᠩᠭᠤᠯᠴᠣᠳ ᠪᠠᠶᠢᠭᠠᠯᠢ ᠶᠢᠨ ᠪᠠᠶᠠᠯᠢᠭ᠂ ᠲᠡᠭᠦᠨ ᠤ ᠠᠰᠢᠭ ᠰᠢᠮ᠎ᠡ ᠶᠢᠨ ᠲᠤᠬᠠᠢ ᠬᠠᠤᠯᠢᠴᠢᠯᠠᠨ | ᠬᠠᠮᠠᠭᠠᠯᠠᠬᠤ ᠶᠠᠪᠤᠳᠠᠯ ᠣᠳᠤ ᠮᠡᠳᠡᠭᠳᠡᠵᠤ ᠪᠠᠶᠢᠭ᠎ᠠ ᠪᠠᠷ 800 ᠵᠢᠯ ᠤᠨ ᠲᠡᠤᠬᠡ ᠲᠠᠢ ᠶᠤᠮ᠃ ᠲᠤᠬᠠᠶᠢᠯᠠᠪᠠᠯ ︽ᠶᠡᠭᠡ | ᠵᠠᠰᠠᠭ︾ ᠭᠡᠮᠡᠬᠦ ᠬᠠᠤᠯᠢ ᠠᠴᠠ ᠡᠬᠢᠯᠡᠵᠡᠢ᠃ ᠣᠭ ᠬᠠᠤᠯᠢ ᠳᠤ ᠵᠢᠭᠠᠭᠰᠠᠨ ᠢᠶᠠᠷ ᠣᠰᠤ ᠶᠢ ᠶᠠᠮᠠᠷ ᠨᠢᠭᠡ ᠬᠡᠮᠵᠢᠶ᠎ᠡ ᠪᠠᠷ | ᠪᠣᠬᠢᠷᠳᠣᠭᠤᠯᠬᠤ ᠳᠤ ᠬᠠᠳᠠᠭᠤ ᠶᠠᠯ᠎ᠠ ᠣᠨᠤᠭᠠᠵᠤ ᠪᠠᠶᠢᠵᠡᠢ᠃ | ᠲᠡᠷᠡᠴᠢᠯᠡᠨ ᠶᠤᠸᠠᠨ ᠣᠯᠤᠰ ᠤᠨ ᠦᠶ᠎ᠡ ᠳᠤ ᠬᠤᠨ᠂ ᠲᠠᠰ᠂ ᠬᠠᠷᠴᠠᠭᠠᠢ᠂ ᠱᠣᠩᠬᠤᠷ ᠠᠩᠨᠠᠬᠤ ᠶᠢ | ᠪᠦᠷᠢᠮᠦᠰᠤᠨ ᠴᠠᠭᠠᠵᠠᠯᠠᠭᠰᠠᠨ ᠨᠢ ᠮᠤᠩᠭᠤᠯᠴᠣᠳ ᠪᠠᠶᠢᠭᠠᠯᠢ ᠶᠢ ᠦᠪᠡᠷ ᠢᠶᠠᠷ ᠨᠢ ᠬᠠᠮᠠᠭᠠᠯᠠᠭᠤᠯᠬᠤ ᠭᠡᠰᠡᠨ ᠮᠡᠳᠡᠯᠭᠡ | ᠯᠦᠭᠡ ᠬᠤᠯᠪᠤᠭ᠎ᠠ ᠲᠠᠢ ᠪᠠᠶᠢᠪᠠ᠃ | ᠦᠯᠵᠡᠶᠢᠳᠤ ᠬᠠᠭᠠᠨ ᠤ ᠦᠶ᠎ᠡ ᠳᠤ ᠭᠠᠷᠭᠠᠭᠰᠠᠨ ᠬᠠᠤᠯᠢ ᠴᠠᠭᠠᠵᠠ ᠶᠢᠨ ᠪᠢᠴᠢᠭ ︵1294 ᠣᠨ︶ ᠲᠤ᠄ | ︽ᠬᠠᠪᠤᠷ ᠪᠣᠯᠬᠤ ᠳᠤ ᠬᠠᠮᠤᠭ ᠣᠷᠢᠳᠠᠪᠠᠷ ᠮᠣᠳᠤ ᠲᠠᠷᠢᠵᠤ ᠰᠠᠭᠤᠯᠭᠠᠬᠤ ᠬᠡᠷᠡᠭᠳᠡᠢ᠃ ᠮᠤᠳᠤ ᠶᠢ ᠵᠦᠢ ᠪᠣᠰᠤ | ᠣᠭᠳᠣᠯᠵᠤ ᠦᠯᠤ ᠪᠤᠯᠤᠨ᠎ᠠ᠃ ᠵᠦᠷᠢᠴᠡᠭᠰᠡᠳ ᠢ ᠬᠠᠤᠯᠢ ᠶᠤᠰᠣᠭᠠᠷ ᠶᠠᠯᠠᠯᠠᠰᠣᠭᠠᠢ᠃ ᠣᠢ ᠮᠣᠳᠤ ᠶᠡᠭᠡ ᠪᠣᠯᠬᠤ | ᠠᠪᠠᠰᠤ ᠠᠯᠪᠠᠨ ᠪᠠ ᠠᠮᠢᠨ ᠳᠤ ᠴᠦᠮ ᠠᠰᠢᠭᠳᠠᠢ︾ ᠭᠡᠰᠡᠨ ᠪᠠᠶᠢᠳᠠᠭ᠃ | 16 ᠳ᠋ᠣᠭᠠᠷ ᠵᠠᠭᠤᠨ ᠤ ᠬᠤᠶᠠᠳᠣᠭᠠᠷ ᠬᠠᠭᠠᠰ ᠤᠨ ᠵᠢᠷᠭᠤᠭᠠᠨ ᠬᠤᠰᠢᠭᠤᠨ ᠤ ᠬᠠᠤᠯᠢ ᠴᠠᠭᠠᠵᠠ ᠶᠢᠨ | ᠪᠢᠴᠢᠭ ᠲᠤ᠄ ︽ᠣᠰᠤ ᠶᠢ ᠪᠣᠷᠳᠠᠭᠯᠠᠬᠤᠯᠠ ᠮᠣᠷᠢ᠂ ᠦᠬᠡᠷ ᠬᠤᠶᠠᠷ ᠠᠪ᠂ ᠦᠵᠡᠭᠰᠡᠨ ᠭᠡᠷᠡᠴᠢ ᠦᠬᠡᠷ ᠠᠪ︾ ᠭᠡᠵᠤ | ᠵᠢᠭᠠᠭᠰᠠᠨ ᠪᠠᠶᠢᠳᠠᠭ᠃ ᠲᠡᠭᠦᠨ ᠠᠴᠠ ᠬᠤᠶᠢᠰᠢᠬᠢ ᠦᠶ᠎ᠡ ᠶᠢᠨ ︽ᠬᠠᠯᠬ᠎ᠠ ᠵᠢᠷᠤᠮ︾ ᠴᠠᠭᠠᠵᠠ ᠶᠢᠨ ᠪᠢᠴᠢᠭ ᠲᠤ᠄ | ︽ᠮᠡᠳᠡᠵᠤ ᠪᠠᠶᠢᠵᠤ ᠱᠣᠭᠯᠠᠵᠤ ᠣᠰᠤ ᠪᠣᠷᠳᠠᠭᠯᠠᠪᠠᠰᠤ ᠰᠢᠳᠦᠯᠡᠩ ᠮᠤᠷᠢ᠂ ᠦᠬᠡᠷ ᠬᠤᠶᠠᠷ ᠢ ᠠᠪ᠂ ᠦᠵᠡᠭᠰᠡᠨ ᠭᠡᠷᠡᠴᠢ | ᠳᠤ ᠦᠬᠡᠷ ᠠᠪ︾ ᠭᠡᠵᠡᠢ᠃ ᠠᠩ ᠠᠮᠢᠳᠠᠨ ᠤ ᠲᠠᠯ᠎ᠠ ᠪᠠᠷ 1640 ᠣᠨ ᠤ ︽ᠶᠡᠭᠡ ᠴᠠᠭᠠᠵᠠ︾ ᠪᠢᠴᠢᠭ ᠲᠤ᠄ | ︽ᠠᠩᠭᠢᠷ᠂ ᠪᠤᠯᠵᠤᠮᠤᠷ ᠠᠯᠠᠪᠠᠯ ᠮᠤᠷᠢ ᠠᠪ᠃ ᠪᠣᠯᠠᠭ᠎ᠠ᠂ ᠦᠨᠡᠭᠡ᠂ ᠬᠡᠷᠡᠮᠤ ᠠᠯᠠᠪᠠᠯ ᠶᠡᠭᠡ ᠠᠴᠠ ᠨᠢ ᠭᠤᠨᠵᠢ᠂ ᠪᠠᠭ᠎ᠠ | ᠠᠴᠠ ᠨᠢ ᠬᠤᠨᠢ ᠠᠪ︾ ᠭᠡᠵᠤ ᠵᠢᠭᠠᠵᠡᠢ᠃ ᠲᠡᠭᠦᠨᠴᠢᠯᠡᠨ ︽ᠲᠤᠶᠢᠮᠠᠷ ᠠᠯᠳᠠᠭᠰᠠᠨ ᠬᠦᠮᠦᠨ ᠢ ᠦᠵᠡᠭᠰᠡᠨ ᠬᠦᠮᠦᠨ | ᠨᠢᠭᠡ ᠮᠤᠷᠢ ᠠᠪ︾ ᠭᠡᠵᠤ ᠵᠢᠭᠠᠭᠰᠠᠨ ᠪᠠᠶᠢᠳᠠᠭ᠃ ᠡᠶᠢᠮᠤ ᠠᠴᠠ ᠪᠠᠶᠢᠭᠠᠯᠢ ᠳᠡᠯᠡᠬᠡᠢ ᠪᠠᠨ ᠬᠠᠶᠢᠷᠠᠯᠠᠨ ᠬᠠᠮᠠᠭᠠᠯᠠᠬᠤ | ᠲᠠᠯ᠎ᠠ ᠪᠠᠷ ᠬᠠᠮᠤᠭ ᠡᠷᠳᠡ ᠬᠠᠤᠯᠢ ᠴᠠᠭᠠᠵᠠ ᠭᠠᠷᠭᠠᠨ ᠮᠦᠷᠳᠡᠭᠰᠡᠭᠡᠷ ᠢᠷᠡᠭᠰᠡᠨ ᠠᠷᠠᠳ ᠲᠦᠮᠡᠨ ᠪᠣᠯ | ᠮᠤᠩᠭᠤᠯᠴᠣᠳ ᠶᠤᠮ᠃ | ᠲᠦᠷᠪᠡ᠂ ᠳᠡᠯᠡᠬᠡᠢ ᠶᠢᠨ ᠬᠠᠮᠤᠭ ᠤᠨ ᠲᠤᠮᠤ ᠭᠡᠷ — ᠲᠡᠷᠭᠡ | ᠣᠯᠠᠭᠠᠨᠪᠠᠭᠠᠳᠣᠷ ᠬᠤᠳᠠ ᠳᠤ ᠢᠷᠡᠵᠤ ᠣᠯᠤᠰ ᠤᠨ ᠲᠦᠪ ᠮᠦᠽᠧ ᠳᠤ ᠣᠷᠤᠭᠰᠠᠨ ᠬᠦᠮᠦᠨ ᠪᠦᠬᠦᠨ ᠤ | ᠠᠩᠬᠠᠷᠤᠯ ᠢ ᠣᠯᠠᠨ ᠱᠠᠷ ᠬᠦᠯᠦᠭᠰᠡᠨ ᠲᠡᠷᠭᠡᠨ ᠤ ᠵᠠᠭᠪᠣᠷ ᠲᠠᠳᠠᠳᠠᠭ᠃ ᠡᠷᠳᠡᠨ ᠤ ᠮᠤᠩᠭᠤᠯᠴᠣᠳ 22 ᠱᠠᠷ | ᠬᠦᠯᠳᠡᠭ ᠠᠰᠣᠷᠤ ᠲᠤᠮᠤ ᠲᠡᠷᠭᠡ ᠲᠠᠢ ᠪᠠᠶᠢᠭᠰᠠᠨ ᠲᠤᠬᠠᠢ ᠲᠡᠤᠬᠡ ᠰᠣᠳᠣᠷ ᠲᠤ ᠳᠡᠮᠳᠡᠭᠯᠡᠵᠤ ᠪᠤᠢ᠃ ᠲᠡᠶᠢᠮᠤ ᠲᠡᠷᠭᠡ | ᠶᠢ ᠭᠡᠷ — ᠲᠡᠷᠭᠡ ᠭᠡᠬᠦ ᠪᠦᠭᠡᠳ ᠳᠡᠯᠡᠬᠡᠢ ᠶᠢᠨ ᠠᠯᠢ ᠴᠦ ᠣᠯᠤᠰ ᠣᠷᠤᠨ ᠳᠤ ᠡᠶᠢᠮᠤ ᠲᠤᠮᠤ ᠲᠡᠷᠭᠡ ᠣᠷᠢᠳ | ᠡᠮᠦᠨ᠎ᠡ ᠦᠵᠡᠭᠳᠡᠵᠤ ᠲᠣᠭᠤᠯᠳᠠᠭᠠ ᠦᠭᠡᠢ ᠪᠢᠯᠡ᠃ | ᠭᠡᠷ — ᠲᠡᠷᠭᠡᠨ ᠤ ᠲᠤᠬᠠᠢ 1253 —1255 ᠣᠨ ᠳᠤ ᠮᠤᠩᠭᠤᠯ ᠭᠠᠵᠠᠷ ᠢᠶᠠᠷ ᠶᠠᠪᠤᠭᠰᠠᠨ ᠠᠯᠳᠠᠷᠳᠤ | ᠵᠢᠭᠤᠯᠴᠢᠨ ᠷᠦᠪᠷᠤᠩ ︽ᠨᠢᠭᠡᠨ ᠪᠠᠷᠢᠭᠠᠳᠠᠢ ᠲᠤᠮᠤ ᠭᠡᠷ ᠲᠡᠭᠡᠭᠡᠭᠰᠡᠨ ᠯᠤᠳᠤ ᠶᠡᠭᠡ ᠲᠡᠷᠭᠡ ᠦᠭᠡᠳᠡ ᠠᠴᠠ ᠶᠠᠪᠤᠵᠤ | ᠢᠷᠡᠭᠰᠡᠨ︾ ᠭᠡᠵᠤ ᠪᠢᠴᠢᠵᠡᠢ᠃ | ︽ᠮᠤᠩᠭᠤᠯ ᠤᠨ ᠨᠢᠭᠤᠴᠠ ᠲᠤᠪᠴᠢᠶᠡᠨ︾ ᠳᠤ ᠬᠠᠰᠠᠭ ᠲᠡᠷᠭᠡ᠂ ᠣᠯᠵᠢᠭᠳᠠᠢ ᠲᠡᠷᠭᠡ᠂ ᠬᠠᠷᠭᠤᠳᠠᠢ ᠲᠡᠷᠭᠡ᠂ | ᠭᠡᠷ ᠲᠡᠷᠭᠡ᠂ ᠣᠷᠳᠤ — ᠭᠡᠷ ᠲᠡᠷᠭᠡ ᠭᠡᠬᠦ ᠲᠡᠷᠭᠡᠨ ᠤ ᠲᠦᠷᠦᠯ ᠵᠦᠢᠯ ᠢ ᠳᠣᠷᠠᠳᠣᠭᠰᠠᠨ ᠪᠠᠶᠢᠳᠠᠭ᠃ ᠬᠠᠰᠠᠭ ᠲᠡᠷᠭᠡ | ᠭᠡᠳᠡᠭ ᠨᠢ ᠣᠪᠤᠭ ᠠᠶᠢᠮᠠᠭ ᠤᠨ ᠨᠡᠷ᠎ᠡ ᠪᠤᠰᠤ᠂ ᠴᠠᠭᠠᠷᠢᠭ᠂ ᠮᠦᠭᠡᠷ ᠭᠡᠰᠡᠨ ᠦᠭᠡ ᠠᠵᠢ᠃ ᠦᠯᠵᠢᠭ ᠭᠡᠳᠡᠭ ᠨᠢ | ᠰᠠᠭᠤᠳᠠᠯ ᠭᠡᠰᠡᠨ ᠦᠭᠡ ᠲᠤᠯᠠ ᠰᠠᠭᠤᠳᠠᠯ ᠲᠠᠢ ᠲᠡᠷᠭᠡ ᠶᠢ ᠬᠡᠯᠡᠳᠡᠭ ᠪᠠᠶᠢᠪᠠ᠃ ᠬᠠᠷᠠᠭᠤ ᠭᠡᠳᠡᠭ ᠨᠢ ᠮᠤᠬᠤᠯᠠᠭ | ᠭᠡᠰᠡᠨ ᠣᠳᠬ᠎ᠠ ᠲᠠᠢ᠃ ᠡᠶᠢᠮᠤ ᠠᠴᠠ ᠮᠤᠬᠤᠯᠠᠭ ᠲᠠᠢ ᠲᠡᠷᠭᠡᠨ ᠳᠤ ᠰᠠᠭᠤᠭᠰᠠᠨ ᠬᠦᠮᠦᠨ ᠭᠠᠳᠠᠭᠰᠢ ᠬᠠᠷᠠᠬᠤ | ᠴᠣᠩᠬᠤ ᠲᠠᠢ ᠲᠤᠯᠠ ᠬᠠᠷ᠎ᠠ— ᠬᠠᠷᠠᠬᠤ ᠭᠡᠰᠡᠨ ᠦᠭᠡ ᠠᠴᠠ ᠡᠭᠦᠰᠴᠤ ᠦᠭᠡ ᠬᠠᠷᠠᠭᠤᠳᠠᠢ ᠲᠡᠷᠭᠡ ᠭᠡᠮᠡᠭᠰᠡᠨ | ᠪᠤᠯᠤᠯᠳᠠᠢ ᠭᠡᠵᠤ ᠪᠠᠶᠢᠨ᠎ᠠ᠃ |