ᠪᠦᠬᠡ ᠶᠢᠨ ᠵᠠᠩᠭ᠎ᠠ ᠪᠤᠯ ᠪᠦᠬᠡᠴᠢᠳ ᠤᠨ ᠬᠡᠶᠢᠮᠤᠷᠢ ᠰᠦᠯᠳᠡ ᠶᠢ ᠲᠦᠯᠦᠬᠡᠯᠡᠳᠡᠭ᠃ ᠤᠳᠤ ᠶᠢᠨ ᠪᠠᠷᠠᠭᠤᠨ | ᠦᠵᠦᠮᠦᠴᠢᠨ ᠬᠤᠰᠢᠭᠤᠨ ᠤ ᠪᠠᠶᠠᠠᠬᠤᠸᠠ ᠪᠠᠯᠭᠠᠰᠤᠨ ᠤ ᠤᠯᠠᠭᠠᠨᠳᠤᠭ ᠭᠠᠴᠠᠭ᠎ᠠ ᠪᠠᠷ ᠨᠤᠳᠤᠭ ᠲᠠᠢ ᠪᠠᠯᠨᠤᠳ | ᠤᠪᠤᠭᠲᠤ ᠤᠷᠲᠤ ᠶᠢᠨ ᠲᠡᠮᠦᠷᠪᠠᠭᠠᠳᠤᠷ ᠤᠨ ᠪᠠᠭ᠎ᠠ ᠬᠦᠦ ᠠᠪᠤᠷᠭᠤ ᠴᠠᠭᠠᠨᠵᠠᠭᠠᠨ ᠤ ᠵᠠᠩᠭ᠎ᠠ ᠪᠤᠯ ᠳᠦᠷᠪᠡᠨ ᠦᠶ᠎ᠡ | ᠤᠯᠠᠮᠵᠢᠯᠠᠭᠲᠠᠵᠤ ᠢᠷᠡᠭᠰᠡᠨ ᠵᠠᠩᠭ᠎ᠠ ᠶᠤᠮ᠃ | ᠨᠢᠭᠡᠳᠦᠬᠡᠷ ᠦᠶ᠎ᠡ᠂ ᠤᠯᠠᠭᠠᠨ ᠬᠠᠭᠠᠯᠭ᠎ᠠ ᠰᠦᠮ᠎ᠡ ᠶᠢᠨ ᠨᠢᠳᠦᠨ ᠰᠢᠷᠠᠨᠤᠳ ᠤᠪᠤᠭ ᠲᠠᠢ ᠡᠷᠬᠢᠭᠦᠯᠳᠡᠭ | ᠪᠤᠶᠠᠨᠳᠤᠭᠳᠠᠬᠤ ᠪᠠᠴᠢ ᠡᠷᠢᠶᠡᠨ ᠭᠤᠪᠢ ᠪᠠᠷ ᠨᠤᠲᠤᠭᠲᠠᠢ᠃ 1880 ᠭᠠᠳ ᠤᠨ ᠳᠤ ᠲᠦᠷᠦᠭᠰᠡᠨ᠂ ᠨᠠᠰᠤ | ᠪᠠᠷᠠᠭᠰᠠᠨ ᠤᠨ ᠨᠢ ᠲᠤᠳᠤᠷᠬᠠᠢ ᠦᠭᠡᠢ᠂ ᠨᠠᠶᠢᠷ ᠲᠤ ᠪᠠᠷᠢᠯᠳᠤᠬᠤ ᠳᠠᠭᠠᠨ ᠡᠷᠬᠢᠭᠦᠯᠵᠦ ᠬᠠᠶᠠᠳᠠᠭ ᠢᠶᠠᠷ ᠢᠶᠠᠨ | ᠲᠡᠭᠡᠵᠦ ᠨᠡᠷᠡᠯᠡᠪᠡ ᠭᠡᠳᠡᠭ᠃ ᠤᠳᠤ ᠲᠡᠬᠦᠨ ᠤ ᠬᠤᠶᠢᠴᠢᠰ ᠨᠢ ᠪᠠᠷᠠᠭᠤᠨ ᠦᠵᠤᠮᠤᠴᠢᠨ ᠬᠤᠰᠢᠭᠤᠨ ᠤ ᠤᠤᠯ ᠤᠨ | ᠪᠠᠴᠢ ᠰᠤᠮᠤᠨ ᠤ ᠪᠠᠴᠢᠪᠤᠯᠠᠭ ᠭᠠᠴᠠᠭᠠᠨ ᠳᠤ ᠪᠤᠢ᠃ | ᠬᠤᠶᠠᠳᠤᠭᠠᠷ ᠦᠶ᠎ᠡ᠂ ᠪᠦᠳᠦᠭᠦᠨ ᠪᠤᠶᠠᠨᠳᠤᠭᠳᠠᠬᠤ 1910 ᠤᠨ ᠳᠤ ᠪᠠᠷᠠᠭᠤᠨ ᠦᠵᠤᠮᠤᠴᠢᠨ ᠬᠤᠰᠢᠭᠤᠨ | ᠤ ᠤᠤᠯ ᠤᠨ ᠪᠠᠴᠢ ᠵᠠᠯᠠᠨ ᠤ ᠬᠠᠷᠢᠶ᠎ᠠ᠂ ᠪᠠᠴᠢ ᠰᠤᠮᠤᠨ ᠤ ᠵᠠᠩᠭᠢ ᠲᠡᠮᠡᠬᠡᠴᠢᠨ ᠤᠪᠤᠭᠲᠤ ᠨᠠᠳᠮᠢᠳ ᠤᠨ ᠬᠦᠪᠡᠭᠦᠨ | ᠪᠤᠯᠵᠤ ᠡᠩᠬᠡᠷ ᠬᠦᠬᠡᠪᠦᠷ᠂ ᠤᠩᠭᠤᠨ ᠪᠤᠷᠭᠠᠰᠤ ᠨᠤᠳᠤᠭ ᠲᠤ ᠲᠦᠷᠦᠪᠡ᠃ ᠪᠦᠳᠦᠭᠦᠨ ᠪᠤᠶᠠᠨᠳᠤᠭᠳᠠᠬᠤ ᠬᠦᠷᠢᠶ᠎ᠡ | ᠪᠤᠶᠠᠨᠴᠤᠭᠲᠤ᠂ ᠬᠡᠦᠬᠡᠨ ᠤ ᠡᠷᠬᠢᠮᠪᠠᠳᠤ᠂ ᠢᠨᠵᠠᠭᠠᠨ ᠶᠤᠨᠳᠤᠨ᠂ ᠷᠠᠰᠢᠰᠧᠪᠵᠢᠨ᠂ ᠪᠡᠶᠢᠯᠡ ᠶᠢᠨ ᠳᠠᠰᠢ᠂ ᠳ᠋ᠠᠷᠬᠠ ᠵᠡᠷᠬᠡ | ᠲᠤᠬᠠᠢ ᠶᠢᠨ ᠦᠶ᠎ᠡ ᠶᠢᠨ ᠦᠵᠦᠮᠦᠴᠢᠨ ᠤ ᠲᠡᠷᠢᠭᠦᠨ ᠪᠦᠬᠡᠴᠦᠳ ᠢ ᠬᠠᠶᠠᠵᠤ ᠪᠠᠶᠢᠭᠰᠠᠨ ᠲᠡᠦᠬᠡ ᠲᠠᠢ᠂ ᠲᠡᠷᠡ | 1981 ᠤᠨ ᠳᠤ ᠶᠢᠷᠲᠢᠨᠴᠦ ᠠᠴᠠ ᠬᠠᠯᠢᠪᠠ᠃ ᠲᠡᠬᠦᠨ ᠤ ᠬᠤᠶᠢᠴᠢᠰ ᠤᠳ ᠨᠢ ᠪᠠᠷᠠᠭᠤᠨ ᠦᠵᠤᠮᠤᠴᠢᠨ | ᠬᠤᠰᠢᠭᠤᠨ ᠤ ᠪᠠᠶᠠᠨᠬᠤᠰᠢᠭᠤ ᠰᠤᠮᠤᠨ ᠤ ᠪᠠᠶᠠᠨᠴᠠᠭᠠᠨ ᠭᠠᠴᠠᠭᠠᠨ ᠳᠤ ᠪᠤᠢ᠃ | ᠭᠤᠷᠪᠠᠳᠤᠭᠠᠷ ᠦᠶ᠎ᠡ᠂ ᠠᠪᠤᠷᠭᠤ ᠯᠤᠷᠤᠢ᠂ 1936 ᠤᠨ ᠳᠤ ᠪᠠᠷᠠᠭᠤᠨ ᠦᠵᠤᠮᠤᠴᠢᠨ ᠬᠤᠰᠢᠭᠤᠨ ᠤ ᠤᠤᠯ | ᠤᠨ ᠪᠠᠴᠢ ᠵᠠᠯᠠᠨ ᠬᠠᠷᠢᠶ᠎ᠠ ᠶᠢᠨ ᠡᠩᠬᠡᠷ ᠬᠦᠬᠡᠪᠦᠷ ᠬᠠᠯᠠᠭᠠᠶᠢᠲᠤ ᠪᠠᠷ ᠨᠤᠳᠤᠭ ᠲᠠᠢ ᠪᠤᠷᠵᠢᠭᠢᠨ ᠤᠪᠤᠭᠲᠤ ᠪᠠᠳᠠᠷᠠᠬᠤ | ᠶᠢᠨ ᠬᠦᠪᠡᠭᠦᠨ ᠪᠤᠯᠤᠨ ᠵᠠᠶᠠᠭᠠᠵᠠᠢ᠃ 1957 ᠤᠨ ᠳᠤ ᠲᠢᠶᠠᠨᠵᠢᠨ ᠬᠤᠳᠠ ᠳᠤ ᠪᠤᠯᠤᠭᠰᠠᠨ ᠪᠦᠬᠦ ᠤᠯᠤᠰ ᠤᠨ | ᠳᠤᠮᠳᠠᠳᠤ ᠮᠠᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ 75 ᠺᠢᠯᠦᠭᠷᠡᠮ ᠤᠨ ᠳᠡᠰ ᠲᠤ | ᠲᠤᠬᠠᠢ ᠶᠢᠨ ᠦᠶ᠎ᠡ ᠳᠤ ︽ᠪᠦᠬᠡ ᠶᠢᠨ ᠤᠳᠤᠨ︾ ᠬᠡᠮᠡᠭᠲᠡᠭᠰᠡᠨ ᠱᠠᠨ ᠰᠢ ᠮᠤᠵᠢ ᠶᠢᠨ ᠱᠢ ᠸᠧᠢ ᠬᠠᠢ ᠵᠡᠷᠬᠡ ᠠᠷᠪᠠ | ᠭᠠᠷᠤᠢ ᠨᠡᠷᠡᠲᠦ ᠪᠦᠬᠡᠴᠦᠳ ᠢ ᠬᠠᠶᠠᠵᠤ ᠲᠡᠰ ᠲᠡᠭᠡᠨ ᠲᠡᠷᠢᠭᠦᠯᠡᠪᠡ᠃ ᠡᠨᠡ ᠤᠷᠤᠯᠳᠤᠭᠠᠨ ᠳᠤ ᠯᠤᠷᠤᠢ᠂ ᠱᠢ ᠸᠧᠢ | ᠬᠠᠢ ᠬᠤᠶᠠᠷ ᠢ ︽ᠤᠯᠤᠰ ᠤᠨ ᠠᠪᠤᠷᠭᠤ ᠪᠦᠬᠡᠴᠢᠨ︾ ᠢᠶᠠᠷ ᠴᠤᠯᠠᠯᠠᠵᠤ᠂ ᠪᠠᠷᠢᠯᠳᠤᠭᠠᠨ ᠤ ᠶᠠᠪᠤᠴᠠ ᠶᠢ ᠺᠢᠨᠣ᠋ ᠹᠢᠯᠢᠮ | ᠦᠢᠯᠡᠳᠴᠦ ᠪᠠᠷᠠᠭᠤᠨ ᠦᠵᠦᠮᠦᠴᠢᠨ ᠬᠤᠰᠢᠭᠤᠨ ᠳᠤ ᠠᠪᠴᠢᠷᠠᠨ ᠦᠵᠡᠬᠦᠯᠪᠡ᠃ | ᠠᠪᠤᠷᠭᠤ ᠯᠤᠷᠤᠢ ᠦᠪᠡᠷᠲᠡᠭᠡᠨ ᠵᠠᠰᠠᠬᠤ ᠤᠷᠤᠨ ᠤ ᠲᠦᠪ ᠬᠦᠬᠡᠬᠤᠳᠠ ᠳᠤ ᠪᠤᠯᠤᠭᠰᠠᠨ ᠪᠦᠬᠦ ᠤᠷᠤᠨ ᠤ | ᠪᠦᠬᠡ ᠶᠢᠨ ᠤᠷᠤᠯᠳᠤᠭᠠᠨ ᠳᠤ 1957—1960 ᠤᠨ ᠪᠤᠯᠲᠠᠯ᠎ᠠ ᠵᠠᠯᠭᠠᠭ᠎ᠠ ᠪᠠᠷ ᠳᠦᠷᠪᠡᠨ ᠵᠢᠯ ᠲᠡᠷᠢᠭᠦᠯᠡᠭᠰᠡᠨ | ᠪᠦᠬᠡᠳ 1957 ᠤᠨ ᠤ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 10 ᠵᠢᠯ ᠤᠨ ᠤᠢ ᠶᠢᠨ ᠨᠠᠶᠢᠷ ᠲᠤ | ᠲᠡᠰ ᠲᠡᠭᠡᠨ ᠵᠤᠭᠰᠤᠭ᠎ᠠ ᠪᠠᠷ ᠢᠶᠠᠨ ᠪᠠᠷᠢᠯᠳᠤᠵᠤ ᠨᠢᠭᠡ ᠴᠦ ᠰᠢᠷᠤᠶᠢᠳᠠᠭᠰᠠᠨ ᠦᠭᠡᠢ ᠲᠡᠷᠢᠭᠦᠯᠡᠭᠰᠡᠨ ᠭᠡᠳᠡᠭ᠃ | 1958 ᠤᠨ ᠤ ᠪᠠᠷᠠᠭᠤᠨ ᠦᠵᠦᠮᠦᠴᠢᠨ ᠬᠤᠰᠢᠭᠤᠨ ᠤ ᠶᠡᠭᠡ ᠨᠠᠶᠢᠷ ᠤᠨ 512 ᠪᠦᠬᠡ ᠲᠠᠢ ᠨᠠᠶᠢᠷ ᠲᠤ | ᠤᠪᠤᠭᠠᠳᠤ ᠶᠢᠨ ᠷᠠᠰᠢᠰᠧᠪᠵᠢᠨ᠂ ᠬᠦᠷᠢᠶ᠎ᠡ ᠳᠠᠮᠴᠤᠢ᠂ ᠵᠢᠷ ᠤᠨ ᠭᠤᠤᠯ ᠤᠨ ᠶᠤᠨᠳᠤᠨ ᠢ ᠬᠠᠶᠠᠵᠤ ᠲᠡᠷᠢᠭᠦᠯᠡᠪᠡ᠃ | ᠶᠡᠭᠡ ᠪᠠᠭ᠎ᠠ ᠨᠠᠶᠢᠷ ᠢᠶᠠᠷ 45 ᠤᠲᠠᠭ᠎ᠠ ᠲᠡᠷᠢᠬᠦᠯᠡᠭᠰᠡᠨ ᠭᠡᠲᠡᠭ᠃ 1996 ᠤᠨ ᠳᠤ ᠰᠢᠪᠠᠭᠤᠲᠤ ᠬᠠᠶᠢᠷᠬᠠᠨ ᠤ | ᠡᠩᠭᠡᠷ ᠲᠤ ᠨᠠᠰᠤ ᠪᠠᠷᠠᠪᠠ᠃ ᠲᠡᠬᠦᠨ ᠢ ᠬᠠᠭᠠᠯᠭ᠎ᠠ ᠰᠦᠮ᠎ᠡ ᠶᠢᠨ ᠶᠡᠭᠡ ᠪᠦᠬᠡ ᠤᠯᠠᠭᠠᠨ ᠤ ᠵᠢᠭᠡᠨᠡᠷ ᠭᠡᠳᠡᠭ᠃ | ᠳᠦᠷᠪᠡᠳᠦᠬᠡᠷ ᠦᠶ᠎ᠡ᠂ ᠤᠯᠤᠰ ᠤᠨ ᠠᠪᠤᠷᠭᠤ ᠪᠠᠭ᠎ᠠ ᠪᠦᠬᠡ᠂ 1967 ᠤᠨ ᠳᠤ ᠪᠠᠷᠠᠭᠤᠨ ᠦᠵᠦᠮᠦᠴᠢᠨ | ᠬᠤᠰᠢᠭᠤᠨ ᠤ ᠤᠤᠯ ᠤᠨ ᠪᠠᠶ᠋ᠬᠠᠠᠭᠤᠯᠠ ᠲᠠᠯᠠᠪᠠᠢ᠂ ᠤᠳᠤ ᠶᠢᠨ ᠵᠢᠷ ᠤᠨ ᠭᠤᠤᠯ ᠤᠨ ᠤᠯᠠᠭᠠᠨ ᠨᠠᠭᠤᠷ ᠤᠨ ᠰᠠᠮᠪᠤᠤ | ᠶᠢᠨ ᠬᠦᠪᠡᠭᠦᠨ ᠪᠤᠯᠤᠨ ᠵᠠᠶᠠᠭᠠᠪᠠ᠃ ᠤᠯᠠᠨ ᠮᠡᠭᠡ ᠶᠢ ᠤᠯᠠᠷᠢᠭᠤᠯᠤᠨ ᠬᠢᠵᠦ ᠪᠠᠶᠢᠭᠠᠳ ᠲᠠᠭᠠᠷᠠᠭᠰᠠᠨ ᠪᠦᠬᠡ ᠪᠠᠨ | ᠮᠠᠰᠢ ᠬᠤᠷᠲᠤᠨ ᠬᠠᠶᠠᠲᠠᠭ ᠤᠴᠢᠷ ᠠᠴᠠ ᠠᠷᠠᠳ ᠲᠦᠮᠡᠨ ᠨᠢ ᠲᠡᠬᠦᠨ ᠳᠤ ︽ᠴᠠᠬᠢᠯᠭᠠᠨ ᠪᠦᠬᠡ︾ ᠭᠡᠲᠡᠭ ᠰᠠᠶᠢᠬᠠᠨ | ᠠᠯᠲᠠᠷ ᠤᠯᠭᠤᠪᠠ᠃ 512 ᠪᠦᠬᠡ ᠲᠠᠢ ᠨᠠᠶᠢᠷ ᠲᠤ 5 ᠤᠳᠠᠭ᠎ᠠ ᠲᠡᠷᠢᠭᠦᠯᠡᠵᠦ᠂ 256 ᠪᠦᠬᠡ ᠲᠠᠢ ᠨᠠᠶᠢᠷ ᠲᠤ10 | ᠭᠠᠷᠤᠢ ᠤᠲᠠᠭ᠎ᠠ ᠲᠡᠷᠢᠬᠦᠯᠡᠪᠡ᠃ ᠲᠤᠮᠲᠠᠲᠤ ᠮᠠᠶ᠋ᠢᠭ ᠤᠨ ᠪᠦᠬᠡ ᠪᠠᠷ ᠪᠦᠬᠦ ᠤᠯᠤᠰ ᠤᠨ ᠲᠡᠮᠡᠴᠡᠬᠡᠨ ᠠᠴᠠ ᠨᠠᠶᠢᠳ᠋ᠨ | 7 ᠠᠯᠲᠠᠨ ᠮᠧᠲᠠᠯ 5 ᠮᠦᠡᠭᠬᠦᠨ ᠮᠧᠲᠠᠯ ᠲᠤᠰᠪᠠ᠃ | ᠲᠠᠪᠤᠳᠤᠭᠠᠷ ᠦᠶ᠎ᠡ᠂ ᠤᠯᠤᠰ ᠤᠨ ᠠᠪᠤᠷᠭᠤ ᠴᠠᠭᠠᠨᠵᠠᠭᠠᠨ᠂ 1986 ᠤᠨ ᠳᠤ ᠪᠠᠷᠠᠭᠤᠨ ᠦᠵᠦᠮᠦᠴᠢᠨ | ᠬᠤᠰᠢᠭᠤᠨ ᠤ ᠪᠠᠶᠠᠨᠬᠤᠸᠠ ᠰᠤᠮᠤᠨ ᠤ ᠤᠯᠠᠭᠠᠨᠳᠤᠭ ᠭᠠᠴᠠᠭᠠᠨ ᠤ ᠪᠠᠯᠨᠤᠳ ᠤᠪᠤᠭᠲᠤ ᠤᠷᠲᠤ ᠶᠢᠨ | ᠲᠡᠮᠦᠷᠪᠠᠭᠠᠲᠤᠷ ᠤᠨ ᠤᠳᠬᠤᠨ ᠬᠦᠪᠡᠭᠦᠨ ᠪᠤᠯᠤᠨ ᠵᠠᠶᠠᠭᠠᠪᠠ᠃ ᠰᠢᠯᠢ ᠶᠢᠨ ᠭᠤᠤᠯ ᠠᠶᠢᠮᠠᠭ ᠤᠨ ᠴᠤᠯᠡ ᠤᠯᠭᠤᠬᠤ | ᠨᠠᠶᠢᠷ ᠲᠤ ᠭᠤᠷᠪᠠ ᠤᠲᠠᠭ᠎ᠠ ᠲᠡᠷᠢᠬᠦᠯᠡᠪᠡ᠃ ᠡᠵᠡᠨ ᠴᠢᠩᠭᠢᠰ ᠤᠨ ᠴᠠᠭᠠᠨ ᠰᠦᠷᠦᠭ ᠤᠨ ᠲᠠᠬᠢᠯᠭ᠎ᠠ ᠲᠠᠶᠢᠯᠭ᠎ᠠ ᠶᠢᠨ | 512 ᠪᠦᠬᠡ ᠲᠠᠢ ᠨᠠᠶᠢᠷ ᠲᠤ ᠬᠤᠶᠠᠷ ᠤᠲᠠᠭ᠎ᠠ ᠲᠡᠷᠢᠭᠦᠯᠡᠨ ᠶᠢᠰᠦᠨ ᠴᠠᠭᠠᠨ ᠮᠤᠷᠢ᠂ ᠶᠢᠰᠦᠨ ᠰᠢᠷᠭ᠎ᠠ ᠮᠤᠷᠢ | ᠬᠦᠳᠦᠯᠪᠡ᠃ ᠲᠦᠷᠪᠡᠲᠤᠭᠡᠷ ᠤᠲᠠᠭᠠᠨ ᠤ ︽ᠠᠯᠲᠠᠨ ᠪᠦᠰᠡ︾ ᠶᠢᠨ ᠲᠡᠮᠡᠴᠡᠬᠡᠨ ᠳᠤ ᠲᠡᠷᠢᠬᠦᠯᠡᠵᠤ᠂ ᠠᠩᠬᠠᠳᠠᠭᠴᠢ | ᠤᠳᠠᠭᠠᠨ ᠤ ᠦᠪᠦᠷ ᠮᠤᠩᠭᠤᠯ ᠳᠠᠬᠢ ᠠᠯᠳᠠᠨ ᠪᠦᠰᠡ ᠶᠢᠨ ᠡᠵᠡᠨ ᠢᠶᠠᠷ ᠲᠤᠲᠤᠷᠠᠪᠠ᠃ 2017 ᠤᠨ ᠳᠤ ᠬᠦᠯᠦᠨ | ᠪᠤᠶᠢᠷ ᠬᠤᠲᠠ ᠳᠤ ᠶᠠᠪᠤᠭᠲᠠᠭᠰᠠᠨ ᠰᠠᠷ᠎ᠠ ᠰᠢᠨ᠎ᠡ ᠶᠢᠨ ᠪᠠᠶᠠᠷ ᠢ ᠪᠡᠯᠭᠡᠯᠡᠬᠦ ᠲᠠᠪᠤᠨ ᠮᠠᠯᠵᠢᠬᠤ ᠬᠤᠰᠢᠭᠤᠨ ᠤ 5 | ᠤᠳᠠᠭ᠎ᠠ ᠶᠢᠨ ᠨᠠᠶᠢᠷ ᠲᠤ 4 ᠤᠳᠠᠭ᠎ᠠ ᠲᠡᠷᠢᠬᠦᠯᠡᠪᠡ᠃ 2018 ᠤᠨ ᠠᠴᠠ 2019 ᠤᠨ ᠬᠦᠷᠲᠡᠯᠡᠬᠢ ᠰᠢᠯᠢ ᠶᠢᠨ | ᠭᠤᠤᠯ ᠠᠶᠢᠮᠠᠭ ᠤᠨ ᠮᠤᠩᠭᠤᠯ ᠪᠦᠬᠡ ᠶᠢᠨ ᠴᠦᠷᠭᠡᠯᠡᠭᠡ ᠪᠠᠷᠢᠯᠳᠤᠭᠠᠨ ᠤ 12 ᠲᠠᠯᠠᠪᠠᠢ ᠪᠠᠷᠢᠯᠲᠤᠭᠠᠨ ᠳᠤ 5 | ᠤᠳᠠᠭ᠎ᠠ ᠲᠡᠷᠢᠬᠦᠯᠡᠵᠤ᠂ ᠤᠨ ᠤ ᠮᠠᠩᠯᠠᠢ ᠪᠠᠷ ᠲᠤᠲᠤᠷᠠᠪᠠ᠃ 1024 ᠪᠦᠬᠡ ᠲᠠᠢ ᠨᠠᠶᠢᠷ ᠲᠤ 1 ᠤᠳᠠᠭ᠎ᠠ | ᠲᠡᠷᠢᠬᠦᠯᠡᠵᠤ᠂ 1 ᠤᠳᠠᠭ᠎ᠠ ᠲᠡᠳ᠋ᠯᠡᠨ᠂ 512 ᠪᠦᠬᠡ ᠲᠠᠢ ᠨᠠᠶᠢᠷ ᠲᠤ 6 ᠤᠳᠠᠭ᠎ᠠ ᠲᠡᠷᠢᠬᠦᠯᠡᠵᠤ᠂ ᠶᠡᠭᠡ ᠪᠠᠭ᠎ᠠ ᠨᠠᠶᠢᠷ | ᠨᠠᠭᠠᠳᠤᠮ ᠢᠶᠠᠷ 300 ᠰᠢᠬᠠᠮ ᠲᠡᠷᠢᠭᠦᠯᠡᠪᠡ᠃ |