ᠲᠡᠦᠭᠡᠨ ᠣᠯᠠᠷᠢᠯ ︵ᠨᠢᠭᠡ︶
ᠨᠡᠶᠢᠲᠡᠯᠡᠭᠰᠡᠨ ᠴᠠᠭ᠄
2024/1/10
     ᠪᠠᠶᠢᠯᠳᠣᠭᠠᠨᠲᠦ ᠣᠯᠣᠰ ᠤᠨ ᠦᠶ᠎ᠡ ︵ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 475~ ᠡᠮᠦᠨ᠎ᠡ 314 ᠤᠨ︶      ᠪᠠᠶᠢᠯᠳᠤᠭᠠᠨᠲᠦ ᠤᠯᠤᠰ ᠤᠨ ᠲᠤᠮᠳᠠᠴᠢ ᠦᠶ᠎ᠡ ︵ᠪᠠᠷᠤᠭ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 314 ᠤᠨ︶      ᠡᠷᠳᠡᠨ ᠠᠴᠠ ᠾᠧ ᠨᠠᠨ ᠬᠡᠮᠡᠬᠦ ᠨᠡᠷᠡᠶᠢᠳᠦᠯ ᠲᠠᠢ᠃ ᠤᠲᠤ ᠶᠢᠨ ᠬᠠᠶᠢᠷᠤᠪ ᠤᠨ ᠲᠤᠬᠤᠢ ᠲᠤᠭᠤᠷᠢᠭ ︵ᠬᠠᠶᠢᠨᠠᠨ ᠲᠤᠭᠤᠷᠢᠭ ᠢ ᠪᠠᠭᠳᠠᠭᠠᠨ᠎ᠠ᠂ ᠳᠣᠷᠣᠬᠰᠢ ᠪᠠᠨ ᠠᠳᠠᠯᠢ︶ ᠾᠧ ᠨᠠᠨ ᠭᠠᠵᠠᠷ ᠬᠠᠷᠢᠶᠠᠯᠠᠭᠳᠠᠵᠤ᠂ ᠯᠸᠤ ᠹᠠᠨ ︵ᠪᠠᠷᠠᠭᠤᠨ ᠿᠦᠩ ᠤᠨ ᠨᠢᠬᠡ︶ ᠡᠵᠡᠯᠡᠨ ᠰᠠᠭᠤᠵᠤ ᠪᠠᠶᠢᠪᠠ᠃      ᠴᠢᠨ ᠡᠣ ᠸᠠᠩ ᠤᠨ ᠬᠤᠶᠠᠳᠣᠭᠠᠷ ᠤᠨ ︵ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 309 ᠤᠨ︶      ᠤᠳᠤ ᠶᠢᠨ ᠤᠳᠠ ᠲᠤᠭᠤᠷᠢᠭ ᠢ ᠴᠢᠦᠢ ᠶᠢᠨ ᠿᠦᠩ ᠣᠯᠣᠰ ︵ᠪᠠᠷᠠᠭᠤᠨ ᠿᠦᠩ ᠤᠨ ᠨᠢᠬᠡ︶ ᠲᠤ ᠬᠠᠷᠢᠶᠠᠯᠠᠭᠳᠠᠵᠤ᠂ ᠤᠳᠠ ᠪᠤᠯᠤᠨ ᠬᠠᠶᠢᠷᠣᠪ ᠤᠨ ᠲᠤᠬᠤᠢ ᠠᠩᠬ᠎ᠠ ᠤᠳᠠᠭ᠎ᠠ ᠬᠠᠳᠣᠨ ᠭᠤᠤᠯ ᠢᠶᠠᠷ ᠵᠠᠭᠠᠭ ᠪᠤᠯᠭᠠᠵᠤ᠂ ᠠᠳᠠᠯᠢ ᠪᠤᠰᠤ ᠵᠠᠰᠠᠭ ᠵᠠᠬᠢᠷᠭᠠᠨ ᠤ ᠬᠡᠪᠴᠢᠶᠡᠨ ᠳᠤ ᠬᠠᠷᠢᠶᠠᠯᠠᠭᠳᠠᠪᠠ᠃      ᠵᠤᠤ ᠾᠦᠢ ᠸᠧᠨ ᠸᠠᠩ ᠤᠨ ᠬᠤᠶᠠᠳᠤᠭᠠᠷ ᠤᠨ ︵ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 297 ᠤᠨ︶      ᠵᠤᠤ ᠡᠣ ᠯᠢᠩ ᠸᠠᠩ ᠰᠢ ᠾᠧ ︵ᠲᠠᠷᠣᠢ ᠾᠧ ᠨᠠᠨ ᠤ ᠭᠠᠵᠠᠷ︶ ᠶᠢᠨ ᠯᠸᠤ ᠹᠠᠨ ᠳᠤ ᠪᠠᠭᠤᠨ ᠦᠭᠪᠡ᠂ ᠣᠳᠣ ᠶᠢᠨ ᠬᠠᠶᠢᠷᠣᠪ ᠤᠨ ᠲᠤᠬᠤᠢ ᠲᠤᠭᠤᠷᠢᠭ ᠤᠨ ᠬᠠᠷᠢᠶᠠᠨ ᠳᠤ ᠪᠤᠢ᠃ᠴᠢᠨ᠂ ᠬᠠᠨ ᠤ ᠦᠶ᠎ᠡ ︵ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 221~ ᠨᠡᠶᠢᠳᠡ ᠶᠢᠨ ᠤᠨ ᠲᠤᠭᠠᠯᠠᠯ ᠤᠨ 220 ᠤᠨ︶      ᠴᠢᠨ ᠱᠢ ᠬᠤᠸᠠᠩ ᠤᠨ ᠭᠤᠴᠢᠨ ᠬᠤᠶᠠᠳᠤᠭᠠᠷ ᠤᠨ ︵ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 215 ᠤᠨ︶      ᠴᠢᠨ ᠱᠢ ᠬᠤᠸᠠᠩ ᠮᠧᠩ ᠺᠦᠸᠧ ᠶᠢ ᠲᠤᠮᠢᠯᠠᠵᠤ ᠴᠡᠷᠢᠭ ᠲᠠᠶᠢᠴᠢᠯᠠᠨ ᠾᠦᠩᠨᠤ ᠶᠢ ᠲᠠᠭᠠᠷᠢᠨ ᠴᠤᠬᠢᠬᠤ ᠳᠤ ᠾᠧ ᠨᠠᠨ ᠤ ᠭᠠᠵᠠᠷ ᠢ ᠡᠵᠡᠯᠡᠪᠡ᠃ ᠲᠤᠬᠠᠢ ᠶᠢᠨ ᠦᠶ᠎ᠡ ᠳᠤ ᠰᠢᠨ ᠴᠢᠨ ︵ᠪᠠᠰᠠ ᠰᠢᠨ ᠴᠢᠨ ᠵᠦᠩ ᠬᠡᠮᠡᠨ ᠨᠡᠷᠡᠶᠢᠳᠴᠦ᠂ ᠤᠳᠤ ᠶᠢᠨ ᠪᠠᠶᠠᠨᠨᠠᠭᠤᠷ ᠠᠶᠢᠮᠠᠭ ᠤᠨ ᠡᠮᠦᠨ᠎ᠡ ᠬᠡᠰᠡᠭ᠂ ᠶᠡᠭᠡ ᠵᠤᠤ ᠠᠶᠢᠮᠠᠭ ᠤᠨ ᠬᠤᠶᠢᠲᠤ ᠬᠡᠰᠡᠭ ᠤᠨ ᠭᠠᠵᠠᠷ ᠤᠷᠤᠨ︶ ᠬᠡᠮᠡᠨ ᠨᠡᠷᠡᠶᠢᠳᠴᠦ ᠪᠠᠶᠢᠪᠠ᠃ ᠤᠳᠤ ᠶᠢᠨ ᠬᠠᠶᠢᠷᠤᠪ ᠤᠨ ᠲᠤᠬᠤᠢ ᠲᠤᠭᠤᠷᠢᠭ ᠤᠨ ᠬᠠᠷᠢᠶᠠᠨ ᠳᠤ ᠪᠤᠢ᠃      ᠴᠢᠨ ᠱᠢ ᠬᠤᠸᠠᠩ ᠤᠨ ᠭᠤᠴᠢᠨ ᠭᠤᠷᠪᠠᠳᠣᠭᠠᠷ ᠤᠨ ︵ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 214 ᠤᠨ︶      ᠤᠳᠤ ᠶᠢᠨ ᠬᠠᠶᠢᠷᠣᠪ ᠤᠨ ᠲᠤᠬᠤᠢ ᠶᠢᠨ ᠭᠠᠵᠠᠷ ᠤᠷᠤᠨ ᠪᠸᠢ ᠳ᠋ᠢ ᠵᠢᠶᠦ᠋ᠨ ᠤ ᠬᠠᠷᠢᠶᠠᠨ ᠳᠤ ᠪᠠᠶᠢᠪᠠ᠃      ᠬᠠᠨ ᠭᠤᠤ ᠳ᠋ᠢ ᠶᠢᠨ ᠲᠡᠷᠢᠬᠦᠨ ᠤᠨ ︵ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 206 ᠤᠨ︶      ᠮᠧᠯ ᠺᠦᠸᠧ ᠦᠬᠦᠭᠰᠡᠨ ᠤ ᠰᠡᠬᠦᠯᠡᠷ᠂ ᠳᠤᠮᠳᠠᠳᠤ ᠣᠷᠣᠨ ᠰᠠᠮᠠᠭᠤᠨ ᠪᠠᠶᠢᠳᠠᠯ ᠳᠤ ᠣᠷᠣᠵᠣ᠂ ᠾᠦᠩᠨᠤ ᠾᠧ ᠨᠠᠨ ᠤ ᠭᠠᠵᠠᠷ ᠢ ᠡᠵᠡᠯᠡᠪᠡ᠃ ᠤᠳᠤ ᠶᠢᠨ ᠬᠠᠶᠢᠷᠣᠪ ᠤᠨ ᠲᠤᠬᠤᠢ ᠣᠷᠣᠨ ᠾᠦᠩᠨᠤ ᠶᠢᠨ ᠨᠡᠭᠦᠳᠡᠯ ᠮᠠᠯᠵᠢᠯ ᠤᠨ ᠭᠠᠵᠠᠷ ᠪᠤᠯᠵᠡᠢ᠃      ᠬᠠᠨ ᠡᠣ ᠳ᠋ᠢ ᠶᠢᠨ ᠶᠤᠸᠠᠨ ᠱᠦᠸᠧ ᠶᠢᠨ ᠬᠤᠶᠠᠳᠣᠭᠠᠷ ᠤᠨ ︵ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 127 ᠤᠨ︶      ᠬᠠᠨ ᠡᠣ ᠳ᠋ᠢ ᠾᠦᠩᠨᠤ ᠶᠢᠨ ᠯᠸᠤ ᠹᠠᠨ ᠸᠠᠩ᠂ ᠪᠠᠢ ᠶᠠᠩ ᠸᠠᠩ ᠢ ᠢᠯᠠᠵᠤ᠂ ᠾᠧ ᠨᠠᠨ ᠤ ᠭᠠᠵᠠᠷ ᠢ ᠪᠤᠴᠠᠭᠠᠨ ᠠᠪᠴᠣ᠂ ᠤᠤᠯ ᠤᠨ ᠵᠢᠤ ᠶᠤᠸᠠᠨ ᠵᠢᠶᠦ᠋ᠨ ᠢ ᠡᠣ ᠶᠤᠸᠠᠨ ᠵᠢᠶᠦ᠋ᠨ ᠬᠡᠮᠡᠨ ᠦᠭᠡᠷᠡᠴᠢᠯᠡᠵᠦ᠂ ᠪᠠᠰᠠ ᠱᠦᠸᠧ ᠹᠠᠩ ᠵᠢᠶᠦ᠋ᠨ ᠨᠡᠮᠡᠨ ᠪᠠᠶᠢᠭᠤᠯᠵᠤ᠂ ᠵᠢᠶᠦ᠋ᠨ ᠤ ᠰᠠᠭᠤᠭ᠎ᠠ ᠭᠠᠵᠠᠷ ᠨᠢ ᠰᠠᠨ ᠹᠧᠩ ᠰᠢᠶᠠᠨ ︵ᠤᠳᠤ ᠶᠢᠨ ᠪᠠᠶᠠᠨᠨᠠᠭᠤᠷ ᠠᠶᠢᠮᠠᠭ ᠤᠨ ᠳ᠋ᠧᠩ ᠺᠸᠤ ᠰᠢᠶᠠᠨ ᠤ ᠬᠠᠳᠣᠨᠲᠣᠬᠤᠢ ᠰᠤᠮᠤ ᠶᠢᠨ ᠲᠤᠤ ᠱᠧᠩ ᠵᠢᠩ᠂ ᠪᠠᠰᠠ ᠮᠠᠮᠢᠲᠤ ᠰᠦᠮ᠎ᠡ ᠶᠢᠨ ᠡᠷᠳᠡᠨ ᠤ ᠬᠤᠳᠠ ᠭᠡᠳᠡᠭ︶ ᠪᠤᠯᠤᠨ᠎ᠠ᠃ ᠱᠦᠸᠧ ᠹᠠᠩ ᠵᠢᠶᠦ᠋ᠨ ᠤ ᠬᠠᠷᠢᠶᠠᠨ ᠳᠤ 10 ᠰᠢᠶᠠᠨ ᠪᠠᠶᠢᠵᠤ᠂ ᠤᠳᠤ ᠶᠢᠨ ᠬᠠᠶᠢᠷᠤᠪ ᠤᠨ ᠲᠤᠬᠤᠢ ᠣᠷᠣᠨ ᠳᠤ ᠸᠧ ᠶᠧ ᠰᠢᠶᠠᠨ ᠪᠠᠶᠢᠭᠤᠯᠪᠠ᠃      ᠬᠠᠨ ᠡᠤ ᠳ᠋ᠢ ᠶᠢᠨ ᠶᠤᠸᠠᠨ ᠱᠸᠤ ᠶᠢᠨ ᠬᠤᠶᠠᠳᠣᠭᠠᠷ ᠤᠨ ︵ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 121 ᠤᠨ︶      ᠾᠦᠩᠨᠤ ᠶᠢᠨ ᠾᠦᠨ ᠰᠢᠶᠧ ᠸᠠᠩ ᠬᠠᠨ ᠣᠯᠣᠰ ᠲᠤ ᠪᠠᠭᠤᠵᠤ ᠦᠭᠬᠦᠭᠰᠡᠨ ᠤ ᠰᠡᠭᠦᠯᠡᠷ᠂ ᠣᠳᠣ ᠶᠢᠨ ᠤᠳᠠ ᠣᠷᠣᠨ ᠡᠤ ᠸᠧᠢ ᠵᠢᠶᠦ᠋ᠨ ᠤ ᠬᠤᠶᠢᠲᠤ ᠬᠢᠵᠠᠭᠠᠷ ᠤᠷᠤᠨ ᠪᠤᠯᠪᠠ᠃ ᠲᠤᠰ ᠵᠢᠯ ᠳᠤ ᠪᠠᠷᠠᠭᠤᠨ ᠬᠠᠨ ᠤᠯᠤᠰ 10 ᠲᠦᠮᠡᠨ ᠲᠠᠷᠢᠶᠠᠴᠢᠨ ᠢ ᠱᠦᠸᠧ ᠹᠠᠩ ᠵᠢᠶᠦ᠋ᠨ ᠤ 10 ᠰᠢᠶᠠᠨ ᠳᠤ ᠨᠡᠭᠦᠯᠭᠡᠨ ᠠᠪᠴᠢᠷᠠᠵᠤ ᠣᠰᠣᠨ ᠠᠰᠢᠭᠯᠠᠯᠳᠠ ᠶᠢᠨ ᠪᠠᠷᠢᠯᠭ᠎ᠠ ᠶᠢᠨ ᠠᠵᠢᠯ ᠳᠤ ᠣᠷᠣᠯᠴᠠᠭᠤᠯᠪᠠ᠃      ᠬᠠᠨ ᠡᠤ ᠳ᠋ᠢ ᠶᠢᠨ ᠶᠤᠸᠠᠨ ᠱᠸᠤ ᠶᠢᠨ ᠭᠤᠷᠪᠠᠳᠣᠭᠠᠷ ᠤᠨ ︵ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 120 ᠤᠨ︶      ᠸᠧ ᠶᠧ ᠰᠢᠶᠠᠨ ᠤ ᠬᠤᠳᠠ ︵ᠤᠳᠤ ᠶᠢᠨ ᠬᠠᠶᠢᠷᠤᠪ ᠤᠨ ᠲᠤᠬᠤᠢ ᠲᠤᠭᠤᠷᠢᠭ ᠤᠨ ᠰᠢᠨ ᠳ᠋ᠢ ᠶᠢᠨ ᠬᠠᠭᠤᠴᠢᠨ ᠬᠤᠳᠠ— ᠯᠠᠨ ᠴᠧᠩ ᠽᠢ︶ ᠶᠢ ᠪᠠᠶᠢᠭᠤᠯᠪᠠ᠃ ᠨᠡᠶᠢᠳᠡ ᠶᠢᠨ ᠤᠨ ᠲᠤᠭᠠᠯᠠᠯ ᠤᠨ 140 ᠤᠨ ᠳᠤ ᠤᠰᠠᠳᠪᠠ᠃      ᠰᠢᠨ ᠮᠠᠩ ᠤᠨ ᠠᠩᠬ᠎ᠠ ᠤᠯᠤᠰ ᠪᠠᠶᠢᠭᠤᠯᠤᠭᠳᠠᠭᠰᠠᠨ ᠲᠡᠷᠢᠬᠦᠨ ᠤᠨ ︵ᠨᠡᠶᠢᠳᠡ ᠶᠢᠨ ᠤᠨ ᠲᠤᠭᠠᠯᠠᠯ ᠤᠨ 9 ᠤᠨ︶      ᠸᠠᠩ ᠮᠠᠩ ᠬᠠᠭᠠᠨ ᠤᠷᠤᠨ ᠳᠤ ᠰᠠᠭᠤᠭᠰᠠᠨ ᠤ ᠲᠠᠷᠠᠭ᠎ᠠ᠂ ᠱᠦᠸᠧ ᠹᠠᠩ ᠵᠢᠶᠦ᠋ᠨ ᠢ ᠭᠸᠦ ᠰᠸᠤ ᠬᠡᠮᠡᠨ ᠦᠬᠡᠷᠡᠴᠢᠯᠡᠨ᠂ ᠬᠠᠷᠢᠶᠠᠨ ᠳᠠᠭᠠᠨ 6 ᠰᠢᠶᠠᠨ ᠪᠠᠶᠢᠭᠤᠯᠵᠤ᠂ ᠤᠳᠤ ᠶᠢᠨ ᠬᠠᠶᠢᠷᠤᠪ ᠤᠨ ᠲᠤᠬᠤᠢ ᠣᠷᠣᠨ ᠤ ᠸᠧ ᠶᠧ ᠰᠢᠶᠠᠨ ᠢ ᠽᠦᠢ ᠡᠤ ᠬᠡᠮᠡᠨ ᠨᠡᠷᠡᠶᠢᠳᠪᠠ᠃      ᠵᠡᠬᠦᠨ ᠬᠠᠨ ᠣᠯᠣᠰ ᠤᠨ ᠭᠤᠸᠠᠩ ᠡᠤ ᠳ᠋ᠢ ᠶᠢᠨ ᠵᠢᠶᠠᠨ ᠡᠤ ᠶᠢᠨ ᠠᠷᠪᠠᠨ ᠨᠢᠬᠡᠳᠦᠭᠡᠷ ᠤᠨ ︵ᠨᠡᠶᠢᠳᠡ ᠶᠢᠨ ᠤᠨ ᠲᠤᠭᠠᠯᠠᠯ ᠤᠨ 35 ᠤᠨ︶      ᠭᠤᠸᠠᠩ ᠡᠤ ᠳ᠋ᠢ ᠱᠦᠸᠧ ᠹᠠᠩ ᠵᠢᠶᠦ᠋ᠨ ᠤ ᠪᠠᠶᠢᠭᠤᠯᠤᠮᠵᠢ ᠶᠢ ᠬᠠᠰᠣᠵᠣ᠂ ᠲᠡᠭᠦᠨ ᠤ ᠬᠠᠷᠢᠶᠠᠨ ᠳᠠᠬᠢ ᠣᠷᠣᠨ ︵ᠤᠳᠤ ᠶᠢᠨ ᠬᠠᠶᠢᠷᠤᠪ ᠤᠨ ᠲᠤᠬᠤᠢ ᠣᠷᠣᠨ ᠢ ᠬᠠᠮᠢᠶᠠᠷᠤᠨ᠎ᠠ︶ ᠢ ᠪᠢᠩ ᠵᠸᠤ ︵ᠤᠳᠤ ᠶᠢᠨ ᠱᠠᠨᠰᠢ ᠶᠢᠨ ᠲᠠᠶᠢᠶᠤᠸᠠᠨ ᠤᠷᠴᠢᠮ︶ ᠳᠤ ᠬᠠᠷᠢᠶᠠᠯᠠᠭᠤᠯᠪᠠ᠃      ᠵᠡᠬᠦᠨ ᠬᠠᠨ ᠤᠯᠤᠰ ᠤᠨ ᠭᠤᠸᠠᠩ ᠡᠤ ᠳ᠋ᠢ ᠶᠢᠨ ᠵᠢᠶᠠᠨ ᠡᠤ ᠶᠢᠨ ᠬᠤᠷᠢᠨ ᠬᠤᠶᠠᠳᠣᠭᠠᠷ ᠤᠨ ︵ᠨᠡᠶᠢᠳᠡ  ᠶᠢᠨ ᠤᠨ ᠲᠤᠭᠠᠯᠠᠯ ᠤᠨ 46 ᠤᠨ︶      ᠾᠦᠩᠨᠤ ᠶᠢᠨ ᠭᠠᠵᠠᠷ ︵ᠤᠳᠤ ᠶᠢᠨ ᠦᠬᠠᠢ ᠣᠷᠣᠨ ᠢ ᠪᠠᠭᠳᠠᠭᠠᠨ᠎ᠠ︶ ᠵᠢᠯ ᠲᠠᠷᠠᠭᠠᠯᠠᠨ ᠭᠠᠩᠳᠠᠵᠤ᠂ ᠬᠠᠷᠠᠭ᠎ᠠ ᠳᠦᠬᠦᠷᠠᠩ ᠬᠠᠯᠴᠠᠭᠠᠢ ᠳᠠᠯ᠎ᠠ ᠪᠤᠯᠵᠤ᠂ ᠡᠪᠡᠰᠦ ᠮᠤᠳᠤ ᠬᠤᠪᠠᠭ᠋ᠠᠶᠢᠷᠠᠵᠤ᠂ ᠬᠦᠮᠦᠨ ᠠᠮᠢᠳᠠᠨ ᠬᠢᠵᠢᠭ ᠳᠤ ᠨᠡᠷᠪᠡᠭᠳᠡᠵᠤ᠂ ᠶᠡᠭᠡ ᠬᠠᠭᠠᠰ ᠨᠢ ᠦᠬᠦᠪᠡ᠃      ᠵᠡᠬᠦᠨ ᠬᠠᠨ ᠤᠯᠤᠰ ᠤᠨ ᠾᠧ ᠳ᠋ᠢ ᠶᠢᠨ ᠶᠦᠩ ᠶᠤᠸᠠᠨ ᠤ ᠠᠷᠪᠠᠨ ᠭᠤᠷᠪᠠᠳᠣᠭᠠᠷ ᠤᠨ ︵ᠨᠡᠶᠢᠳᠡ ᠶᠢᠨ ᠤᠨ ᠲᠤᠭᠠᠯᠠᠯ ᠤᠨ 101 ᠤᠨ︶      ᠭᠤᠷᠪᠠᠳᠣᠭᠠᠷ ᠰᠠᠷ᠎ᠠ ᠳᠤ ᠬᠠᠨ ᠾᠧ ᠳ᠋ᠢ ᠵᠠᠩ ᠶᠧ᠂ ᠵᠢᠦᠢ ᠶᠠᠨ᠂ ᠱᠦᠸᠧ ᠹᠠᠩ ᠤᠨ ᠠᠮᠢᠳᠣᠷᠠᠵᠤ ᠲᠡᠶᠢᠯᠬᠦ ᠦᠭᠡᠢ ᠶᠠᠳᠠᠭᠤ ᠠᠷᠠᠳ ᠵᠢᠴᠢ ᠦᠨᠦᠴᠢᠨ ᠪᠡᠯᠪᠡᠰᠤᠨ ᠪᠠᠭᠤᠷᠠᠶᠢᠴᠣᠳ ᠲᠤ ᠲᠡᠳᠭᠦᠮᠵᠢ ᠦᠵᠡᠭᠦᠯᠪᠡ᠃      ᠵᠡᠬᠦᠨ ᠬᠠᠨ ᠤᠯᠤᠰ ᠤᠨ ᠠᠨ ᠳ᠋ᠢ ᠶᠢᠨ ᠶᠦᠩ ᠴᠦ᠋ ᠶᠢᠨ ᠭᠤᠷᠪᠠᠳᠤᠭᠠᠷ ᠤᠨ ︵ᠨᠡᠶᠢᠳᠡ ᠶᠢᠨ ᠤᠨ ᠲᠤᠭᠠᠯᠠᠯ ᠤᠨ 109 ᠤᠨ︶      ᠪᠢᠩ ᠵᠸᠤ ︵ᠣᠳᠣ ᠶᠢᠨ ᠬᠠᠶᠢᠷᠣᠪ ᠤᠨ ᠲᠤᠬᠤᠢ ᠣᠷᠣᠨ ᠢ ᠬᠠᠷᠢᠶᠠᠯᠠᠨ᠎ᠠ︶᠂ ᠯᠢᠶᠠᠩ ᠵᠸᠤ ︵ᠤᠳᠤ ᠶᠢᠨ ᠤᠳᠠ ᠣᠷᠣᠨ ᠢ ᠬᠠᠮᠢᠶᠠᠷᠤᠨ᠎ᠠ︶ ᠳᠤ ᠦᠯᠦᠨ ᠭᠠᠴᠢᠭ ᠵᠢᠯ ᠪᠤᠯᠵᠤ᠂ ᠬᠦᠮᠦᠨ ᠬᠦᠮᠦᠨ ᠢᠶᠠᠨ ᠬᠠᠷᠢᠯᠴᠠᠨ ᠢᠳᠡᠪᠡ᠃      ᠵᠡᠬᠦᠨ ᠬᠠᠨ ᠣᠯᠣᠰ ᠤᠨ ᠰᠢᠶᠠᠨ ᠳ᠋ᠢ ᠶᠢᠨ ᠵᠢᠶᠠᠨ ᠠᠨ ᠤ ᠬᠤᠷᠢᠳᠤᠭᠠᠷ ᠣᠨ ︵ᠨᠡᠶᠢᠳᠡ ᠶᠢᠨ ᠤᠨ ᠲᠤᠭᠠᠯᠠᠯ ᠤᠨ 215 ᠤᠨ︶      ᠤᠳᠤ ᠶᠢᠨ ᠤᠳᠠ ᠣᠷᠣᠨ ᠳᠤ ᠪᠠᠷᠠᠭᠤᠨ ᠰᠢᠶᠠᠨᠫᠢ ᠰᠠᠭᠤᠷᠢᠰᠢᠵᠤ ᠪᠠᠶᠢᠪᠠ᠃
 
ᠢᠷᠡᠯᠲᠡ᠄ ᠦᠬᠠᠢ ᠬᠤᠲᠠ ᠶᠢᠨ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号