ᠲᠡᠦᠭᠡᠨ ᠣᠯᠠᠷᠢᠯ ︵ᠬᠤᠶᠠᠷ︶
ᠨᠡᠶᠢᠲᠡᠯᠡᠭᠰᠡᠨ ᠴᠠᠭ᠄
2024/1/24
     ᠭᠤᠷᠪᠠᠨ ᠤᠯᠤᠰ ᠶᠢᠨ ᠡᠮᠣᠨᠠᠳᠤ ᠤᠮᠠᠷᠠᠳᠤ ᠳᠦᠷᠤ ︵ᠨᠡᠶᠢᠳᠡ ᠶᠢᠨ ᠤᠨ ᠲᠤᠭᠠᠯᠠᠯ ᠤᠨ 220~ 581 ᠤᠨ︶       ᠶᠢᠨ ᠾᠦᠢ ᠳ᠋ᠢ ᠶᠢᠨ ᠶᠦᠩ ᠨᠢᠩ ᠤᠨ ᠲᠡᠷᠢᠬᠦᠨ ᠤᠨ ︵ᠨᠡᠶᠢᠳᠡ ᠶᠢᠨ ᠤᠨ ᠲᠤᠭᠠᠯᠠᠯ ᠤᠨ 301 ᠤᠨ︶      ᠤᠳᠤ ᠶᠢᠨ ᠤᠳᠠ ᠣᠷᠣᠨ ᠯᠢᠶᠠᠩ ᠵᠸᠤ ᠶᠢᠨ ᠵᠠᠩ ᠭᠦᠢ ᠶᠢᠨ ᠬᠠᠷᠢᠶᠠᠨ ᠳᠤ ᠪᠠᠶᠢᠪᠠ᠃      ᠵᠡᠬᠦᠨ ᠶᠢᠨ ᠤ ᠶᠤᠸᠠᠨ ᠳ᠋ᠢ ᠶᠢᠨ ᠳ᠋ᠠ ︵ ᠲᠠᠢ︶ ᠰᠢᠩ ᠤᠨ ᠬᠤᠶᠠᠳᠣᠭᠠᠷ ᠤᠨ ︵ᠨᠡᠶᠢᠳᠡ ᠶᠢᠨ ᠤᠨ ᠲᠤᠭᠠᠯᠠᠯ  ᠤᠨ 319 ᠤᠨ︶      ᠵᠢᠶᠧ ᠦᠨᠳᠦᠰᠦᠳᠡᠨ ᠤ ᠱᠢ ᠯᠧ ᠦᠪᠡᠷ ᠢ ᠪᠠᠨ ᠵᠤᠤ ᠸᠠᠩ ︵ᠬᠤᠶᠢᠲᠤ ᠵᠤᠤ︶ ᠡᠷᠭᠦᠮᠵᠢᠯᠡᠵᠦ᠂ ᠱᠦᠸᠧ ᠵᠸᠤ ᠶᠢᠨ ᠱᠦᠸᠧ ᠹᠠᠩ ᠵᠢᠶᠦ᠋ᠨ ᠢ ᠪᠠᠶᠢᠭᠤᠯᠵᠤ᠂ ᠯᠢᠨ ᠿᠦᠩ᠂ ᠰᠠᠨ ᠹᠧᠩ᠂ ᠱᠦᠸᠧ ᠹᠠᠩ᠂ ᠸᠧ ᠶᠧ ᠵᠡᠷᠭᠡ ᠲᠠᠪᠤᠨ ᠰᠢᠶᠠᠨ ᠢ ᠵᠠᠬᠢᠷᠪᠠ᠃      ᠵᠡᠬᠦᠨ ᠵᠢᠨ‌‍ᠤ ᠶᠤᠸᠠᠨ ᠳ᠋ᠢ ᠶᠢᠨ ᠳ᠋ᠠ ︵ ᠲᠠᠢ︶ ᠰᠢᠩ‌‍ᠤᠨ ᠭᠤᠷᠪᠠᠳᠣᠭᠠᠷ ᠤᠨ ︵ᠨᠡᠶᠢᠳᠡ ᠶᠢᠨ ᠤᠨ ᠲᠤᠭᠠᠯᠠᠯ‌‍ᠤᠨ 320 ᠤᠨ︶      ᠤᠳᠤ ᠶᠢᠨ ᠤᠳᠠ ᠣᠷᠣᠨ ᠡᠮᠦᠨᠡᠲᠦ ᠯᠢᠶᠠᠩ ᠤᠨ ᠵᠠᠩ ᠮᠤᠤ ᠶᠢᠨ ᠬᠠᠷᠢᠶᠠᠨ ᠳᠤ ᠪᠠᠶᠢᠪᠠ᠃      ᠤᠷᠢᠲᠤ ᠴᠢᠨ ᠤ ᠹᠦ᠋ ᠵᠢᠶᠠᠨ ᠤ ᠵᠢᠶᠠᠨ ᠶᠤᠸᠠᠨ ᠤ ᠬᠤᠶᠠᠳᠣᠭᠠᠷ ᠤᠨ ︵ᠨᠡᠶᠢᠳᠡ ᠶᠢᠨ ᠤᠨ ᠲᠤᠭᠠᠯᠠᠯ ᠤᠨ 366 ᠤᠨ︶      ᠤᠷᠢᠳᠤ ᠴᠢᠨ᠂ ᠤᠷᠢᠲᠤ ᠶᠠᠨ ᠠᠴᠠ ᠬᠤᠶᠢᠲᠤ ᠵᠤᠤ ᠶᠢ ᠮᠦᠭᠦᠬᠡᠵᠦ᠂ ᠭᠤᠣᠯ ᠤᠨ ᠪᠠᠷᠠᠭᠤᠨ ᠵᠠᠬ᠎ᠠ ᠡᠮᠦᠨᠡᠲᠦ ᠴᠢᠨ ᠳᠤ ᠬᠠᠷᠢᠶᠠᠯᠠᠭᠳᠠᠵᠤ᠂ ᠳ᠋ᠢ ᠦᠨᠳᠦᠰᠦᠳᠡᠨ ᠤ ᠹᠦ᠋ ᠵᠢᠶᠠᠨ ᠤ ᠨᠤᠶᠠᠷᠬᠠᠯ ᠳᠤ ᠤᠷᠤᠪᠠ᠃ ᠤᠳᠤ ᠶᠢᠨ ᠬᠠᠶᠢᠷᠣᠪ  ᠤᠨ ᠲᠤᠬᠤᠢ ᠣᠷᠣᠨ ᠤᠷᠢᠲᠤ ᠴᠢᠨ ᠤ ᠱᠦᠸᠧ ᠹᠠᠩ ᠵᠢᠶᠦ᠋ᠨ ᠤ ᠸᠧ ᠶᠧ ᠰᠢᠶᠠᠨ ᠳᠤ ᠬᠠᠷᠢᠶᠠᠯᠠᠭᠳᠠᠵᠤ᠂ ᠬᠠᠮᠲᠤ  ᠳᠤᠨᠢ ᠪᠢᠩ ᠵᠸᠤ ᠶᠢᠨ ᠬᠠᠷᠢᠶᠠᠨ ᠪᠠᠭᠳᠠᠨ᠎ᠠ᠃      ᠵᠡᠬᠦᠨ ᠶᠢᠨ ᠤ ᠰᠢᠶᠤᠤ ᠡᠣ ᠳ᠋ᠢ ᠶᠢᠨ ᠲᠠᠢ ᠶᠤᠸᠠᠨ ᠤ ᠠᠷᠪᠠᠨ ᠨᠢᠬᠡᠳᠦᠭᠡᠷ ᠤᠨ ︵ᠨᠡᠶᠢᠳᠡ ᠶᠢᠨ ᠤᠨ ᠲᠤᠭᠠᠯᠠᠯ ᠤᠨ 386 ᠤᠨ︶      ᠤᠳᠤ ᠶᠢᠨ ᠤᠳᠠ ᠣᠷᠣᠨ ᠤᠮᠠᠷᠠᠲᠤ ᠯᠢᠶᠠᠩ ᠤᠨ ᠯᠢᠦᠢ ᠭᠤᠸᠠᠩ ᠤᠨ ᠬᠠᠷᠢᠶᠠᠨ ᠳᠤ ᠪᠠᠶᠢᠪᠠ᠃      ᠵᠡᠬᠦᠨ‌ᠵᠢᠨ‌‍ᠤ ᠠᠨ ᠳ᠋ᠢ ᠶᠢᠨ ᠢ ᠰᠢ‌‍ᠶᠢᠨ ᠲᠡᠷᠢᠬᠦᠨ ᠤᠨ ︵ᠨᠡᠶᠢᠳᠡ ᠶᠢᠨ ᠤᠨ ᠲᠤᠭᠠᠯᠠᠯ‌‍ᠤᠨ 405 ᠤᠨ︶      ᠤᠳᠤ ᠶᠢᠨ ᠤᠳᠠ ᠣᠷᠣᠨ ᠪᠠᠷᠠᠭᠤᠨ ᠯᠢᠶᠠᠩ ᠤᠨ ᠯᠢ ᠭᠤᠤ ᠶᠢᠨ ᠬᠠᠷᠢᠶᠠᠨ ᠳᠤ ᠪᠠᠶᠢᠪᠠ᠃      ᠵᠡᠬᠦᠨ ᠶᠢᠨ ᠤ ᠠᠨ ᠳ᠋ᠢ ᠶᠢᠨ ᠢ ᠰᠢ ᠶᠢᠨ ᠨᠠᠢᠮᠠᠳᠣᠭᠠᠷ ᠤᠨ ︵ᠨᠡᠶᠢᠳᠡ ᠶᠢᠨ ᠤᠨ ᠲᠤᠭᠠᠯᠠᠯ ᠤᠨ 412 ᠤᠨ︶      ᠤᠳᠤ ᠶᠢᠨ ᠤᠳᠠ ᠣᠷᠣᠨ ᠤᠮᠠᠷᠠᠲᠤ ᠯᠢᠶᠠᠩ ᠤᠨ ᠵᠢᠦᠢ ᠴᠢᠦᠢ ᠶᠢᠨ ᠮᠧᠩ ᠰᠢᠶᠦ᠋ᠨ ᠤ ᠬᠠᠷᠢᠶᠠᠨ ᠳᠤ ᠪᠠᠶᠢᠪᠠ᠃      ᠰᠦᠢ   ᠲᠠᠩ   ᠲᠠᠪᠤᠨ ᠲᠦᠷᠦ ︵ᠨᠡᠶᠢᠳᠡ ᠶᠢᠨ ᠤᠨ ᠲᠤᠭᠠᠯᠠᠯ ᠤᠨ 581~ 960 ᠤᠨ︶      ᠰᠦᠢ ᠸᠧᠨ ᠳ᠋ᠢ ᠶᠢᠨ ᠺᠠᠢ ᠬᠤᠸᠠᠩ ᠤᠨ ᠲᠡᠷᠢᠬᠦᠨ ᠤᠨ ︵ᠨᠡᠶᠢᠳᠡ ᠶᠢᠨ ᠤᠨ ᠲᠤᠭᠠᠯᠠᠯ ᠤᠨ 581 ᠤᠨ︶      ᠤᠳᠤ ᠶᠢᠨ ᠤᠳᠠ ᠣᠷᠣᠨ ᠭᠠᠨ ᠵᠸᠣ ᠶᠢᠨ ᠬᠠᠷᠢᠶᠠᠨ ᠳᠤ ᠪᠠᠶᠢᠵᠤ᠂ ᠵᠸᠤ ᠶᠢᠨ ᠰᠠᠭᠤᠭ᠎ᠠ ᠭᠠᠵᠠᠷ ᠶᠦᠩ ᠫᠢᠩ ︵ᠰᠦᠢ ᠣᠯᠣᠰ ᠵᠠᠩ ᠶᠧ ᠬᠡᠮᠡᠨ ᠬᠠᠯᠠᠪᠠ᠂ ᠣᠳᠣ ᠶᠢᠨ ᠭᠠᠨᠰᠣ ᠶᠢᠨ ᠵᠠᠩ ᠶᠧ︶ ᠪᠤᠯᠤᠨ᠎ᠠ᠃      ᠰᠦᠢ ᠸᠧᠨ ᠳ᠋ᠢ ᠶᠢᠨ ᠿᠧᠨ ᠱᠸᠤ ᠶᠢᠨ ᠬᠤᠶᠠᠳᠣᠭᠠᠷ ᠤᠨ ︵ᠨᠡᠶᠢᠳᠡ ᠶᠢᠨ ᠤᠨ ᠲᠤᠭᠠᠯᠠᠯ ᠤᠨ 602 ᠤᠨ︶      ᠤᠳᠤ ᠶᠢᠨ ᠤᠳᠠ ᠣᠷᠣᠨ ᠰᠣ᠋ ᠵᠸᠣ ᠶᠢᠨ ᠬᠠᠷᠢᠶᠠᠨ ᠳᠤ ᠪᠠᠶᠢᠵᠤ᠂ ᠵᠸᠤ ᠶᠢᠨ ᠰᠠᠭᠤᠭ᠎ᠠ ᠭᠠᠵᠠᠷ ᠹᠦ᠋ ᠯᠤ᠋ ︵ᠣᠳᠣ ᠶᠢᠨ ᠭᠠᠨᠰᠣ ᠶᠢᠨ ᠵᠢᠤ ᠴᠢᠤᠸᠠᠨ︶ ᠪᠤᠯᠤᠨ᠎ᠠ᠃      ᠲᠠᠩ ᠲᠠᠶᠢᠽᠦ᠋ᠩ ᠤᠨ ᠵᠧᠨ ᠭᠤᠸᠠᠨ ᠤ ᠲᠡᠷᠢᠬᠦᠨ ᠤᠨ ︵ᠨᠡᠶᠢᠳᠡ ᠶᠢᠨ ᠤᠨ ᠲᠤᠭᠠᠯᠠᠯ ᠤᠨ 627 ᠤᠨ︶      ᠬᠤᠶᠠᠳᠣᠭᠠᠷ ᠰᠠᠷ᠎ᠠ   ᠲᠠᠩ ᠣᠯᠣᠰ ᠠᠴᠠ ᠨᠤᠳᠤᠭ ᠲᠡᠪᠢᠰᠭᠡᠷ ᠢᠶᠠᠨ ᠠᠷᠪᠠᠨ ᠵᠠᠮ ᠬᠤᠪᠢᠶᠠᠵᠤ᠂ ᠰᠦᠢ ᠵᠸᠤ᠂ ᠶᠢᠨ ᠵᠸᠤ᠂ ᠹᠧᠩ ᠵᠸᠤ᠂ ᠱᠧᠩ ᠵᠸᠣ ᠵᠡᠷᠭᠡ ᠵᠸᠤ ᠲᠤᠳᠤᠷ ᠭᠠᠵᠠᠷ‌‍ᠤᠨ ᠵᠠᠮ ᠳᠤ ᠬᠠᠷᠢᠶᠠᠯᠠᠭᠳᠠᠨ᠎ᠠ᠃ ᠲᠤᠳᠤᠷ ᠭᠠᠵᠠᠷ‌‍ᠤᠨ ᠵᠠᠮ‌‍ᠤᠨ ᠯᠢᠩ ᠵᠸᠤ ᠪᠤᠯ ᠰᠦᠢ ᠣᠯᠣᠰ‌‍ᠤᠨ ᠦᠶ᠎ᠡ‌‍ᠶᠢᠨ ᠯᠢᠩ ᠡᠣ ᠵᠢᠶᠦ᠋ᠨ ᠤ ᠬᠠᠷᠢᠶᠠᠨ ᠳᠤ ᠪᠠᠶᠢᠵᠤ᠂ ᠤᠳᠤ‌‍ᠶᠢᠨ ᠤᠳᠤᠭ ᠬᠤᠰᠢᠭᠤᠨ ᠤ ᠪᠠᠷᠠᠭᠤᠨ ᠬᠡᠰᠡᠭ᠂ ᠤᠳᠤᠭ‌‍ᠤᠨ ᠡᠮᠦᠨᠡᠲᠦ ᠬᠤᠰᠢᠭᠤᠨ ᠤ ᠪᠠᠷᠠᠭᠤᠨ ᠬᠡᠰᠡᠭ᠂ ᠬᠠᠶᠢᠷᠤᠪ‌‍ᠤᠨ ᠲᠤᠬᠤᠢ ᠣᠷᠣᠨ ᠪᠠᠭᠳᠠᠨ᠎ᠠ᠃      ᠲᠠᠩ ᠳ᠋ᠠᠶᠢᠽᠦ᠋ᠩ‌‍ᠤᠨ ᠭᠤᠸᠠᠩ ᠳ᠋ᠧ‌‍ᠶᠢᠨ ᠲᠡᠷᠢᠬᠦᠨ ᠤᠨ ︵ᠨᠡᠶᠢᠳᠡ‌‍ᠶᠢᠨ ᠤᠨ ᠲᠤᠭᠠᠯᠠᠯ ᠤᠨ 763 ᠤᠨ︶      ᠠᠨ ᠱᠢ ᠶᠢᠨ ᠤᠷᠪᠠᠯᠭᠠᠨ ᠠᠴᠠ ᠰᠡᠭᠦᠯᠡᠷ᠂ ᠲᠠᠩ ᠤᠯᠤᠰ ᠤᠨ ᠣᠯᠣᠰ ᠲᠦᠷᠦ ᠬᠦᠭᠵᠢᠯᠳᠡ ᠠᠴᠠ ᠲᠤᠷᠤᠶᠢᠳᠠᠯ ᠤᠨ ᠵᠠᠮ ᠳᠤ ᠤᠷᠤᠵᠤ᠂ ᠴᠡᠷᠢᠭ ᠤᠨ ᠵᠠᠬᠢᠷᠭ᠎ᠠ ᠪᠠᠷ ᠬᠡᠰᠡᠭᠯᠡᠨ ᠵᠠᠬᠢᠷᠬᠤ ᠪᠠᠶᠢᠳᠠᠯ ᠢ ᠪᠦᠷᠢᠯᠳᠦᠭᠦᠯᠪᠡ᠃ ᠤᠳᠤ ᠶᠢᠨ ᠤᠳᠠ ᠣᠷᠣᠨ ᠲᠦᠪᠡᠳ ᠤᠨ ᠬᠠᠷᠢᠶᠠᠨ ᠳᠤ ᠪᠠᠶᠢᠪᠠ᠃
 
ᠢᠷᠡᠯᠲᠡ᠄ ᠦᠬᠠᠢ ᠬᠤᠲᠠ ᠶᠢᠨ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号