ᠤᠨᠲᠠᠯᠭ᠎ᠠ ᠶᠢ ᠨᠦᠯᠦᠭᠡᠯᠡᠳᠡᠭ 10 ᠵᠦᠢᠯ ᠤᠨ ᠬᠦᠳᠡᠯᠦᠯ ᠪᠠᠷᠢᠯ
ᠨᠡᠶᠢᠲᠡᠯᠡᠭᠰᠡᠨ ᠴᠠᠭ᠄
2024/3/11
     ᠬᠠᠮᠠᠷ ᠲᠠᠳᠠᠬᠤ᠄      ᠬᠠᠮᠠᠷ ᠲᠠᠳᠠᠬᠤ ᠪᠤᠯ ᠠᠮᠢᠰᠬᠤᠯ ᠤᠨ ᠵᠠᠮ ᠢᠪᠴᠤᠷᠠᠨ ᠠᠮᠢᠰᠬᠤᠯ ᠤᠨ ᠬᠡᠮᠵᠢᠶ᠎ᠡ ᠪᠠᠭᠤᠷᠠᠵᠤ᠂ ᠶᠡᠭᠡ ᠲᠠᠷᠢᠬᠢ ᠪᠠ ᠠᠷᠠᠰᠦ ᠮᠢᠬᠠᠨ ᠤ ᠬᠦᠴᠢᠯᠳᠦ᠋ᠷᠦᠭᠴᠢ ᠶᠢᠨ ᠬᠠᠩᠭᠠᠯᠳᠠ ᠬᠦᠷᠦᠯᠴᠡᠭᠦ ᠦᠭᠡᠢ ᠠᠴᠠ ᠪᠤᠯᠤᠭᠰᠠᠨ ᠶᠤᠮ᠃ ᠡᠨᠡ ᠨᠢ ᠭᠤᠤᠯᠳᠠᠭᠤ ᠮᠠᠷᠢᠶ᠎ᠠ ᠲᠠᠢ᠂ ᠡᠷᠡᠤ ᠨᠢ ᠵᠢᠭᠠᠬᠠᠨ ᠪᠤᠶᠤ ᠲᠡᠷ᠎ᠠ ᠨᠢ ᠬᠡᠳᠦ ᠦᠨᠳᠦᠷ ᠵᠡᠷᠭᠡ ᠭᠤᠷᠪᠠᠨ ᠵᠦᠢᠯ ᠤᠨ ᠰᠢᠯᠳᠠᠭᠠᠨ ᠠᠴᠠ ᠪᠤᠯᠵᠠᠢ᠂ ᠡᠶᠢᠮᠦ ᠠᠴᠠ ᠬᠤᠷᠬᠢᠷᠠᠬᠤ ᠲᠠᠳᠬᠠᠯ ᠲᠠᠢ ᠬᠦᠮᠦᠰ ᠵᠠᠪᠠᠯ ᠪᠡᠶ᠎ᠡ ᠶᠢᠨ ᠬᠦᠨᠳᠦ ᠪᠠᠨ ᠬᠢᠵᠠᠭᠠᠷᠯᠠᠬᠤ ᠶᠢᠨ ᠲᠠᠭᠠᠤ ᠨᠢᠭᠡ ᠨᠢᠳᠤᠷᠭ᠎ᠠ ᠶᠢᠨ ᠬᠢᠷᠢᠳᠠᠢ ᠦᠨᠳᠤᠷ ᠲᠡᠷ᠎ᠡ ᠲᠡᠷᠡᠯᠡᠪᠡᠯ ᠵᠤᠬᠢᠨ᠎ᠠ᠃        ᠰᠢᠳᠦ ᠬᠠᠪᠢᠷᠬᠤ᠄      ᠨᠦᠢᠷᠰᠤᠬᠤ ᠦᠶᠡᠰ ᠲᠡᠭᠡᠨ ᠰᠢᠳᠦ ᠬᠠᠪᠢᠷᠬᠤ ᠨᠢ ᠰᠢᠳᠦ ᠶᠢ ᠬᠡᠮᠳᠦᠭᠡᠭᠦ ᠮᠦᠷᠳᠡᠭᠡᠨ ᠠᠷᠠᠭ᠎ᠠ ᠰᠢᠳᠦ ᠬᠦᠴᠦᠯᠡᠭᠦ ᠠᠴᠠ ᠪᠤᠯᠵᠤ ᠠᠳᠤᠷᠢᠶ᠎ᠠ ᠰᠠᠭᠤᠳᠠᠭ ᠶᠤᠮ᠃ ᠤᠯᠠᠩᠬᠢ ᠳᠠᠭᠠᠨ ᠰᠡᠳᠬᠢᠯ ᠰᠠᠨᠠᠭᠠᠨ ᠤ ᠲᠠᠷᠤᠭᠠᠰᠦ ᠬᠦᠨᠳᠦ ᠪᠤᠶᠤ ᠲᠡᠷ᠎ᠡ ᠦᠨᠳᠦᠷ ᠠᠴᠠ ᠰᠢᠳᠦ ᠬᠠᠪᠢᠷᠳᠠᠭ ᠶᠤᠮ᠃ ᠡᠶᠢᠮᠦ ᠠᠴᠠ ᠰᠢᠳᠦ ᠬᠠᠪᠢᠷᠳᠠᠭ ᠬᠦᠮᠦᠰ ᠤᠨᠳᠠᠬᠤ  ᠠᠴᠠ ᠪᠠᠨ ᠡᠮᠦᠨ᠎ᠡ ᠲᠠᠭᠤᠤ ᠬᠦᠭᠵᠢᠮ ᠰᠤᠨᠤᠰᠴᠤ ᠰᠡᠳᠬᠢᠯ ᠰᠠᠨᠠᠭ᠎ᠠ ᠪᠠᠨ ᠲᠠᠶᠢᠪᠤᠷᠢᠰᠢᠭᠤᠯᠬᠤ ᠪᠤᠶᠤ ᠵᠢᠭᠠᠬᠠᠨ ᠲᠤᠤᠷ᠎ᠠ ᠲᠡᠷ᠎ᠠ ᠲᠡᠷᠡᠯᠡᠪᠡᠯ ᠵᠤᠬᠢᠨ᠎ᠠ᠃      ᠠᠮᠠ ᠪᠠᠷ ᠠᠮᠢᠰᠬᠤᠬᠤ᠄      ᠠᠮᠠ ᠪᠠᠷ ᠠᠮᠢᠰᠬᠤᠪᠠᠯ ᠬᠦᠮᠦᠨ ᠤ ᠪᠡᠶ᠎ᠡ ᠠᠮᠠᠷᠬᠠᠨ ᠪᠠᠺᠲ᠋ᠧᠷᠢ ᠬᠠᠯᠳᠠᠪᠤᠷᠢᠯᠠᠳᠠᠭ᠂ ᠡᠭᠦᠨ ᠠᠴᠠ ᠪᠤᠯᠵᠤ ᠬᠢᠮᠤᠷᠠᠬᠤ᠂ ᠠᠮᠠ ᠦᠮᠡᠭᠡᠶᠢᠷᠡᠭᠦ ᠪᠤᠶᠤ ᠬᠠᠷᠰᠢᠯᠳᠤᠬᠤ ᠡᠪᠡᠳᠴᠢᠨ ᠤᠯᠳᠠᠭ ᠶᠤᠮ᠃ ᠬᠦᠮᠦᠰ ᠬᠠᠮᠠᠷ ᠪᠢᠳᠡᠭᠦᠷᠡᠭᠦ᠂ ᠰᠢᠳᠦᠨ ᠤ ᠵᠢᠭᠰᠠᠭᠠᠯᠳᠠ ᠲᠡᠭᠰᠢ ᠪᠤᠰᠦ ᠪᠤᠶᠤ ᠲᠡᠷ᠎ᠡ ᠬᠡᠳᠦ ᠲᠤᠤᠷ᠎ᠠ ᠠᠴᠠ ᠪᠤᠯᠵᠤ ᠠᠮᠠ ᠪᠠᠷ ᠢᠶᠠᠨ ᠠᠮᠢᠰᠬᠤᠳᠠᠭ ᠶᠤᠮ᠃ ᠡᠶᠢᠮᠦ ᠠᠴᠠ ᠦᠷᠦᠭᠡᠨ ᠲᠤᠳᠤᠷᠠᠬᠢ ᠠᠭᠠᠷ ᠤᠨ ᠴᠢᠬᠢᠭᠯᠢᠭ ᠢ ᠪᠠᠳᠤᠯᠠᠬᠤ ᠪᠦᠭᠡᠳ ᠵᠢᠭᠠᠬᠠᠨ ᠦᠨᠳᠦᠷ ᠲᠡᠷ᠎ᠡ ᠲᠡᠷᠡᠯᠡᠪᠡᠯ ᠵᠤᠬᠢᠨ᠎ᠠ᠃ ᠬᠡᠷᠪᠡ ᠰᠢᠳᠦᠨ ᠤ ᠠᠰᠠᠭᠤᠳᠠᠯ ᠠᠴᠠ ᠪᠤᠯᠤᠭᠰᠠᠨ ᠪᠤᠯ ᠡᠷᠳᠡᠭᠡᠨ ᠰᠢᠭ ᠡᠮᠨᠡᠵᠤ ᠵᠠᠰᠠᠭᠤᠯᠪᠠᠯ ᠵᠤᠬᠢᠨ᠎ᠠ᠃      ᠤᠷᠪᠠᠵᠤ ᠬᠦᠷᠪᠡᠭᠦ ᠦᠭᠡᠢ ᠪᠤᠶᠤ ᠭᠡᠳᠦ ᠤᠯᠠᠨ ᠤᠷᠪᠠᠵᠤ ᠬᠦᠷᠪᠡᠬᠦ᠄      ᠲᠡ ᠬᠡᠷᠪᠡ ᠦᠷᠯᠦᠭᠡ ᠪᠤᠰᠬᠤ ᠳᠠᠭᠠᠨ ᠶᠠᠳᠠᠷᠠᠬᠤ ᠪᠤᠶᠤ ᠵᠢᠪᠬᠤᠭ᠎ᠠ ᠮᠠᠭᠤᠳᠠᠢ ᠪᠠᠶᠢᠪᠠᠯ᠂ ᠤᠨᠳᠠᠬᠤ ᠦᠶᠡᠰ   ᠲᠡᠭᠡᠨ ᠤᠷᠪᠠᠵᠤ ᠬᠦᠷᠪᠡᠭᠦ ᠦᠭᠡᠢ ᠠᠴᠠ ᠪᠤᠯᠤᠭᠰᠠᠨ ᠮᠠᠭᠠᠳ᠃ ᠰᠦᠨᠢ ᠳᠡᠭᠡᠨ ᠬᠦᠮᠦᠨ ᠲᠤᠮᠳᠠᠴᠢ ᠪᠠᠷ 20— 30 ᠤᠳᠠᠭ᠎ᠠ ᠤᠷᠪᠠᠵᠤ ᠬᠦᠷᠪᠡᠳᠡᠭ ᠶᠤᠮ᠃ ᠤᠷᠪᠠᠵᠤ ᠬᠦᠷᠪᠡᠪᠡᠯ ᠪᠡᠶ᠎ᠡ ᠶᠢᠨ ᠴᠢᠰᠦᠨ ᠤ ᠰᠢᠩᠭᠡᠨ ᠪᠠ ᠯᠢᠮᠪᠠ ᠶᠢᠨ ᠰᠢᠩᠬᠡᠨ ᠤ ᠡᠷᠬᠢᠯᠳᠡ ᠶᠢ ᠠᠬᠢᠭᠤᠯᠬᠤ᠂ ᠬᠦᠨᠵᠢᠯᠡ ᠲᠤᠳᠤᠷᠠᠬᠢ ᠴᠢᠬᠢᠭ ᠤᠨ ᠬᠡᠮᠵᠢᠶ᠎ᠡ ᠶᠢ ᠲᠤᠬᠢᠷᠠᠭᠤᠯᠬᠤ ᠵᠢᠴᠢ ᠪᠤᠯᠴᠢᠩ ᠢ ᠰᠤᠯᠠᠳᠬᠠᠨ ᠠᠮᠠᠷᠠᠭᠤᠯᠬᠤ ᠳᠤ ᠴᠦᠮ ᠠᠰᠢᠭᠳᠠᠢ᠃ ᠬᠡᠳᠦ ᠵᠦᠭᠡᠯᠡᠨ ᠤᠷᠤ ᠲᠡᠪᠢᠰᠭᠡᠷ ᠲᠡᠭᠡᠷ᠎ᠡ ᠤᠨᠳᠠᠪᠠᠯ ᠨᠦᠢᠷ ᠢ ᠨᠦᠯᠦᠭᠡᠯᠡᠳᠡᠭ ᠶᠤᠮ᠃ ᠨᠦᠢᠷᠰᠦᠵᠤ ᠪᠠᠶᠢᠬᠤ ᠳᠠᠭᠠᠨ ᠬᠡᠳᠦ ᠤᠯᠠᠨ ᠤᠳᠠᠭ᠎ᠠ ᠤᠷᠪᠠᠵᠤ ᠬᠦᠷᠪᠡᠪᠡᠯ ᠮᠦᠨ ᠰᠠᠶᠢᠬᠠᠨ ᠨᠦᠢᠷᠰᠦᠵᠤ ᠴᠢᠳᠠᠬᠤ ᠦᠭᠡᠢ ᠪᠠᠶᠢᠳᠠᠭ᠃ ᠢᠯᠠᠩᠭᠤᠶ᠎ᠠ ᠵᠤᠨ ᠤ ᠬᠠᠯᠠᠭᠤᠨ ᠴᠠᠭ ᠲᠤ ᠨᠡᠩ ᠰᠠᠶᠢᠬᠠᠨ ᠤᠨᠳᠠᠵᠤ ᠠᠮᠠᠷᠬᠠᠤ ᠴᠢᠳᠠᠬᠤ ᠦᠭᠡᠢ ᠶᠤᠮ᠂ ᠤᠨᠳᠠᠬᠤ ᠦᠶ᠎ᠡ ᠳᠡᠭᠡᠨ ᠬᠡᠷ ᠤᠨ ᠲᠤᠯᠠᠭᠠᠨ ᠤ ᠬᠡᠮᠵᠢᠶ᠎ᠡ  ᠪᠠᠨ 20℃— 25℃ ᠬᠤᠭᠤᠷᠤᠨᠳᠤ ᠪᠠᠶᠢᠯᠭᠠᠪᠠᠯ ᠵᠤᠬᠢᠨ᠎ᠠ᠃                          ᠲᠡᠷ᠎ᠡ ᠲᠡᠷᠡᠯᠡᠭᠦ ᠦᠭᠡᠢ᠄      ᠵᠠᠷᠢᠮ ᠬᠦᠮᠦᠨ ᠦᠷᠯᠦᠭᠡ ᠰᠡᠷᠢᠭᠦ ᠳᠤ ᠶᠡᠷᠦ ᠨᠢ ᠲᠤᠯᠤᠭᠠᠢ ᠨᠢ ᠲᠡᠷ᠎ᠡ ᠲᠡᠭᠡᠷ᠎ᠡ ᠪᠠᠨ ᠦᠭᠡᠢ᠂ ᠡᠨᠡ ᠨᠢ ᠲᠡᠷ᠎ᠡ  ᠶᠢᠨ ᠲᠤᠬᠢᠷᠠᠮᠵᠢ ᠦᠭᠡᠢ ᠠᠴᠠ ᠪᠤᠯᠤᠭᠰᠠᠨ ᠮᠠᠭᠠᠳ᠃ ᠲᠤᠰᠬᠠᠢ ᠮᠡᠷᠭᠡᠵᠢᠯᠳᠡᠳ ᠤᠨ ᠵᠠᠳᠠᠯᠤᠭᠰᠠᠨ ᠢᠶᠠᠷ᠂ ᠲᠡᠷ᠎ᠡ ᠲᠤᠬᠢᠷᠠᠮᠵᠢ ᠦᠭᠡᠢ ᠪᠤᠯ ᠤᠨᠳᠠᠬᠤ ᠳᠤ ᠲᠤᠯᠤᠭᠠᠢ ᠠᠶᠠᠨᠳᠠᠭᠠᠨ ᠲᠡᠷ᠎ᠡ ᠠᠴᠠ ᠪᠠᠨ ᠰᠠᠯᠳᠠᠭ ᠶᠤᠮ᠂ ᠢᠩᠬᠢᠵᠤ ᠤᠨᠳᠠᠪᠠᠯ ᠲᠤᠯᠤᠭᠠᠢ ᠲᠤᠭᠤᠭᠰᠢ ᠪᠠᠨ ᠬᠦᠨᠳᠦᠷᠡᠵᠤ᠂ ᠠᠮᠠᠷᠬᠠᠨ ᠨᠢᠭᠤᠷ ᠴᠢᠷᠠᠢ ᠬᠠᠪᠤᠩᠳᠤᠨ᠎ᠠ᠃ ᠡᠶᠢᠮᠦᠷᠭᠦ ᠲᠠᠳᠬᠠᠯ  ᠲᠠᠢ ᠬᠦᠮᠦᠰ ᠶᠡᠭᠡ ᠪᠠᠭ᠎ᠠ ᠪᠤᠶᠤ ᠬᠠᠳᠠᠭᠤ ᠵᠦᠭᠡᠯᠡᠨ ᠨᠢ ᠲᠤᠬᠢᠷᠠᠮᠵᠢᠳᠠᠢ ᠲᠡᠷ᠎ᠠ ᠰᠤᠯᠢᠪᠠᠯ ᠵᠤᠬᠢᠨ᠎ᠠ᠃      ᠬᠦᠨᠵᠢᠯᠡ ᠪᠠᠨ ᠲᠡᠶᠢᠴᠢᠭᠦ᠄      ᠰᠦᠨᠢ ᠰᠡᠷᠢᠭᠦᠨ ᠪᠠᠶᠢᠳᠠᠯ᠎ᠠ᠂ ᠰᠦᠨᠢ ᠳᠡᠭᠡᠨ ᠬᠦᠨᠵᠢᠯᠡ ᠪᠠᠨ ᠲᠡᠶᠢᠴᠢᠳᠡᠭ ᠬᠦᠮᠦᠰ ᠶᠡᠷᠦᠳᠡᠭᠡᠨ ᠬᠦᠷᠢ ᠶᠢᠨ ᠰᠢᠷᠭᠡᠭ ᠤᠨ ᠬᠦᠨᠵᠢᠯᠡ ᠮᠡᠳᠦ ᠶᠢᠨ ᠠᠭᠤᠷ ᠨᠡᠪᠳᠡᠷᠡᠭᠦ ᠴᠢᠳᠠᠪᠤᠷᠢ ᠰᠠᠶᠢᠳᠠᠢ᠂ ᠴᠢᠬᠢᠭ ᠲᠠᠳᠠᠬᠤ ᠬᠦᠨᠵᠢᠯᠡ ᠬᠤᠴᠠᠪᠠᠯ ᠵᠤᠬᠢᠨ᠎ᠠ᠃ ᠬᠡᠷᠪᠡ ᠮᠦᠨ ᠯᠡ ᠬᠦᠨᠵᠢᠯᠡ ᠪᠠᠨ ᠲᠡᠶᠢᠴᠢᠭᠡᠳ ᠪᠠᠶᠢᠪᠠᠯ ᠦᠶᠡᠯᠳᠦ ᠴᠢᠨᠠᠷᠳᠠᠢ ᠲᠦᠷᠪᠡᠨ ᠮᠦᠴᠢ ᠶᠢᠨ  ᠬᠦᠳᠡᠯᠭᠡᠭᠡᠨ ᠤ ᠰᠠᠭᠠᠳ ᠡᠪᠡᠳᠴᠢᠨ ᠤ ᠢᠯᠡᠷᠡᠯ ᠮᠦᠨ᠂ ᠲᠤᠰᠬᠠᠢ ᠮᠡᠷᠭᠡᠵᠢᠯᠳᠡᠨ ᠪᠤᠶᠤ ᠡᠮᠴᠢ ᠠᠴᠠ ᠠᠰᠠᠭᠤᠨ ᠯᠠᠪᠯᠠᠪᠠᠯ ᠵᠤᠬᠢᠨ᠎ᠠ᠃                  ᠰᠢᠯᠪᠢ ᠶᠢᠨ ᠰᠢᠷᠪᠤᠰᠤ ᠲᠠᠳᠠᠬᠤ᠄      ᠲᠠᠭᠠᠷᠠᠵᠤ ᠵᠢᠩᠨᠠᠬᠤ᠂ ᠤᠰᠤ ᠠᠯᠳᠠᠬᠤ᠂ ᠪᠤᠯᠴᠢᠩ ᠶᠠᠳᠠᠷᠠᠬᠤ ᠵᠡᠷᠭᠡ ᠠᠴᠠ ᠪᠤᠯᠵᠤ ᠤᠨᠳᠠᠬᠤ ᠦᠶ᠎ᠡ ᠳᠤ ᠠᠮᠠᠷᠬᠠᠨ ᠰᠢᠷᠪᠤᠰᠤ ᠲᠠᠳᠠᠳᠠᠭ᠃  ᠵᠤᠨ ᠤ ᠴᠠᠭ ᠤᠨᠳᠠᠬᠤ ᠳᠠᠭᠠᠨ ᠠᠭᠠᠷ ᠲᠤᠬᠢᠷᠠᠭᠤᠯᠤᠭᠴᠢ ᠶᠢ ᠪᠢᠳᠡᠭᠡᠢ ᠬᠡᠷᠡᠭᠯᠡᠭᠡᠷᠡᠢ᠃ ᠲᠡᠭᠷᠢ ᠬᠦᠢᠳᠡᠷᠡᠪᠡᠯ ᠢᠯᠠᠩᠭᠤᠶ᠎ᠠ ᠡᠮᠡᠭᠳᠡᠶᠢᠴᠦᠳ ᠤᠷᠳᠤ ᠲᠦᠷᠡᠢ ᠲᠠᠢ ᠤᠢᠢᠮᠦᠰᠦ ᠡᠮᠦᠰᠴᠦ ᠤᠨᠳᠠᠪᠡᠯ ᠰᠠᠶᠢᠨ ᠶᠤᠮ᠃ ᠬᠡᠭᠦ ᠳᠡᠭᠡᠨ ᠢᠯᠡᠭᠦᠦ ᠤᠰᠤ ᠨᠦᠬᠦᠪᠦᠷᠢᠯᠡᠪᠡᠯ ᠵᠤᠬᠢᠨ᠎ᠠ᠃      ᠨᠢᠳᠦ ᠨᠤᠬᠤᠯᠠᠬᠤ᠄      ᠨᠢᠳᠦᠨ ᠤ ᠡᠷᠬᠢᠨ ᠲᠤᠭᠤᠷᠢᠨ ᠳᠠᠬᠢ ᠠᠷᠠᠰᠦ ᠮᠢᠬ᠎ᠠ ᠨᠢᠮᠭᠡᠨ ᠮᠦᠷᠳᠡᠭᠡᠨ ᠰᠡᠷᠭᠡᠭ ᠪᠠᠶᠢᠳᠠᠭ᠂ ᠤᠨᠳᠠᠬᠤ ᠦᠶ᠎ᠡ  ᠳᠤ ᠨᠢᠳᠦ ᠪᠠᠨ ᠦᠷᠭᠦᠯᠵᠢ ᠨᠤᠬᠤᠯᠠᠪᠠᠯ ᠬᠠᠷᠰᠢᠮᠠᠳᠠᠭᠠᠢ ᠤᠷᠪᠠᠯ ᠡᠭᠦᠰᠭᠦ ᠪᠤᠯᠤᠮᠵᠢ ᠲᠠᠢ᠃ ᠤᠨᠲᠠᠯᠭ᠎ᠠ ᠶᠢᠨ ᠦᠷᠦᠭᠡᠨ ᠳᠤ ᠠᠮᠠᠷᠬᠠᠨ ᠬᠤᠭ ᠲᠤᠭᠤᠰᠦ ᠰᠠᠭᠤᠳᠠᠭ᠂ ᠡᠶᠢᠮᠦ ᠠᠴᠠ ᠦᠷᠦᠭᠡᠨ ᠤ ᠠᠷᠢᠭᠤᠨ ᠴᠡᠪᠡᠷ ᠢᠶᠠᠨ ᠢᠯᠡᠭᠦᠭᠡᠨ ᠠᠩᠬᠠᠷᠬᠤ ᠬᠡᠷᠡᠭᠳᠡᠢ᠃ ᠬᠡᠷ ᠢᠶᠠᠨ ᠦᠷᠭᠦᠯᠵᠢ ᠱᠦᠭᠦᠷᠳᠡᠨ ᠠᠷᠢᠯᠭᠠᠵᠤ᠂ ᠤᠷᠤ ᠲᠡᠪᠢᠰᠭᠡᠷ ᠢᠶᠠᠨ ᠦᠷᠭᠦᠯᠵᠢ ᠤᠬᠢᠶᠠᠵᠤ ᠴᠡᠪᠡᠷᠯᠡᠪᠡᠯ ᠵᠤᠬᠢᠨ᠎ᠠ᠃      ᠰᠢᠯᠦᠰᠤ ᠭᠤᠭᠤᠵᠢᠭᠤᠯᠬᠤ᠄      ᠤᠨᠳᠠᠬᠤ ᠦᠶ᠎ᠡ ᠳᠤ᠂ ᠤᠨᠴᠠᠭᠠᠢᠢᠯᠠᠨ ᠡᠯᠢᠭᠡᠳᠡᠵᠤ ᠤᠨᠳᠠᠬᠤ ᠦᠶ᠎ᠡ ᠳᠤ ᠰᠢᠯᠦᠰᠦᠨ ᠤ ᠪᠤᠯᠴᠢᠷᠬᠠᠢ ᠶᠢ ᠠᠮᠠᠷᠬᠠᠨ ᠲᠠᠷᠤᠳᠠᠭ᠃ ᠠᠮᠠ ᠪᠠᠷ ᠠᠮᠢᠰᠬᠤᠬᠤ ᠳᠤ ᠮᠦᠨ ᠠᠮᠠᠷᠬᠠᠨ ᠰᠢᠯᠦᠰᠦ ᠭᠤᠭᠤᠵᠢᠭᠤᠯᠳᠠᠭ ᠶᠤᠮ᠃ ᠬᠡᠷᠪᠡ ᠵᠦᠩᠳᠡᠭᠡᠨ ᠰᠢᠯᠦᠰᠦ ᠭᠤᠭᠤᠵᠢᠭᠤᠯᠳᠠᠭ ᠪᠤᠯ ᠤᠨᠳᠠᠬᠤ ᠦᠶ᠎ᠡ ᠳᠡᠭᠡᠨ ᠤᠨᠳᠠᠬᠤ ᠬᠡᠯᠪᠡᠷᠢ ᠲᠦᠷᠰᠦ ᠪᠠᠨ ᠲᠤᠬᠢᠷᠠᠭᠤᠯᠵᠤ᠂ ᠬᠠᠵᠠᠭᠤᠰᠢ ᠪᠠᠨ ᠬᠠᠷᠠᠵᠤ ᠤᠨᠳᠠᠪᠠᠯ ᠬᠠᠮᠤᠭ ᠤᠨ ᠲᠤᠬᠢᠷᠠᠮᠵᠢᠳᠠᠢ ᠶᠤᠮ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号