ᠴᠠᠭᠠᠨ ᠦᠩᠭᠡ ᠶᠢ ᠡᠷᠭᠢᠮᠯᠡᠳᠡᠭ ᠠᠨᠤ
ᠨᠡᠶᠢᠲᠡᠯᠡᠭᠰᠡᠨ ᠴᠠᠭ᠄
2024/4/8
     ᠮᠤᠩᠭᠤᠯᠴᠤᠤᠨ ᠴᠠᠭᠠᠨ ᠦᠩᠭᠡ ᠶᠢ ᠡᠷᠭᠢᠮᠯᠡᠨ ᠳᠡᠭᠡᠳᠦᠯᠡᠳᠡᠭ ᠨᠢ ᠳᠡᠳᠡᠨ ᠤ ᠠᠮᠢᠳᠤᠷᠠᠯ ᠠᠬᠤᠢ ᠨᠢ ᠴᠠᠭᠠᠨ ᠦᠩᠭᠡ ᠲᠠᠢ ᠨᠢᠠᠨᠳᠠ ᠬᠤᠯᠪᠤᠭ᠎ᠠ ᠲᠠᠢ ᠪᠦᠭᠡᠤᠨ ︽ᠴᠠᠭᠠᠨ ᠦᠩᠭᠡ︾ ᠲᠠᠢ ᠬᠤᠪᠢ ᠪᠠᠷᠢᠯᠳᠤᠯᠭ᠎ᠠ ᠲᠠᠢ ᠠᠴᠠ ᠨᠢ ᠪᠤᠯᠤᠠᠨᠰᠡᠨ ᠪᠠᠶᠢᠬᠤ᠃ ᠴᠠᠭᠠᠨ ᠦᠩᠭᠡ ᠪᠤᠯ ᠬᠠᠮᠤᠭ ᠤᠨ ᠴᠡᠪᠡᠷ ᠠᠷᠢᠭᠤᠨ᠂ ᠬᠠᠮᠤᠭ ᠤᠨ ᠢᠴᠢᠮᠡᠳᠡᠭᠡᠢ ᠦᠩᠭᠡ᠂ ᠬᠠᠮᠤᠭ ᠤᠨ ᠡᠭᠡ ᠪᠤᠯᠤᠠᠨᠰᠠᠨ ᠬᠤᠯᠢᠯᠴᠠᠭ᠎ᠠ ᠦᠭᠡᠢ ᠦᠩᠭᠡ ᠪᠤᠯᠤᠨ᠎ᠠ᠃                ᠮᠤᠩᠭᠤᠯᠴᠤᠤᠨ ᠤᠨ ᠦᠶ᠎ᠡ ᠤᠯᠠᠷᠢᠨ ᠰᠠᠭᠤᠠᠨᠰᠡᠨ ᠦᠷᠭᠦᠭᠡ ᠭᠡᠷ ᠨᠢ ᠴᠠᠭᠠᠨ᠃ ᠴᠢᠩᠭᠢᠰ ᠬᠠᠭᠠᠨ ︽ᠨᠠᠢᠮᠠᠨ ᠴᠠᠭᠠᠨ ᠦᠷᠭᠦᠭᠡ︾ ᠲᠠᠢ᠃ ᠮᠤᠩᠭᠤᠯᠴᠤᠤᠨ ᠤᠨ ᠡᠳᠤᠷ ᠳᠤᠳᠤᠮ ᠤᠨ ᠠᠮᠢᠳᠤᠷᠠᠯ ᠤᠨ ᠭᠤᠤᠯ ᠢᠳᠡᠭᠡᠨ ᠤ ᠨᠢᠭᠡ ᠳᠦᠷᠤᠯ ᠪᠤᠯᠬᠤ ᠰᠦ ᠢᠶᠠᠷ ᠪᠤᠷᠤᠯᠠᠭᠤᠯᠤᠠᠨᠰᠠᠨ ᠢᠳᠡᠭᠡᠨ ᠪᠦᠭᠦᠨ ᠢ ︽ᠴᠠᠭᠠᠨ ᠢᠳᠡᠭᠡ︾ ᠭᠡᠳᠡᠭ᠃ ᠳᠠᠪᠠᠭᠯᠠᠵᠤ ᠰᠠᠶᠢᠬᠠᠨ ᠳᠠᠯᠪᠢᠬᠤ ᠶᠢ ᠴᠠᠭᠠᠨ ᠢᠳᠡᠭᠡ ᠵᠠᠰᠠᠨ᠎ᠠ ᠭᠡᠳᠡᠭ᠃ ᠡᠪᠤᠯ ᠤᠨ ᠤᠯᠠᠷᠢᠯ ᠳᠤ ᠨᠡᠭᠡᠢ ᠳᠡᠪᠡᠯ ᠢᠶᠠᠨ ᠴᠠᠭᠠᠨ  ᠢᠶᠠᠷ ᠨᠢ ᠡᠮᠤᠰᠳᠡᠭ᠃ ᠮᠤᠩᠭᠤᠯ ᠭᠦᠮᠤᠨ ᠤ ᠦᠰᠦᠭ ᠪᠢᠴᠢᠭ ︽ᠴᠠᠭᠠᠨ ᠳᠤᠯᠤᠭᠠᠢ︾ ᠪᠠᠷ ᠡᠭᠢᠯᠡᠳᠡᠭ᠃ ᠪᠢᠯᠢᠭ ᠤᠨ ᠳᠤᠭᠠᠯᠠᠯ ᠤᠨ ᠰᠢᠨ᠎ᠡ ᠵᠢᠯ ᠡᠭᠢᠯᠡᠭᠦ᠂ ᠨᠠᠰᠤ ᠨᠡᠮᠡᠭᠳᠡᠭᠦ ᠪᠠᠶᠠᠷ ᠢ ︽ᠴᠠᠭᠠᠨ ᠰᠠᠷ᠎ᠠ︾ ᠭᠡᠳᠡᠭ᠃      ᠮᠤᠩᠭᠤᠯ ᠭᠦᠮᠤᠨ ᠰᠠᠶᠢᠨ ᠰᠠᠶᠢᠬᠠᠨ ᠪᠦᠭᠦᠨ ᠢ ᠴᠡᠪᠡᠷ ᠠᠷᠢᠭᠤᠨ ᠪᠦᠭᠦᠳᠡ ᠶᠢ ᠴᠠᠭᠠᠨ ᠦᠩᠭᠡ ᠪᠠᠷ ᠵᠤᠶᠢᠷᠯᠡᠳᠡᠭ᠃ ᠰᠡᠤᠨᠬᠡᠯ ᠤᠨ ᠰᠠᠶᠢᠬᠠᠨ ᠢ ︽ᠴᠠᠭᠠᠪᠤᠷ︾ ᠭᠡᠮᠡᠳᠡᠭ᠃ ᠰᠠᠨᠠᠭᠠᠨ ᠤ ᠰᠠᠶᠢᠬᠠᠨ ᠢ ︽ᠴᠠᠶᠢᠯᠭᠠᠨ︾ ᠭᠡᠳᠡᠭ᠃ ᠦᠳᠡᠯᠤᠭᠡ ᠨᠠᠰᠤᠳᠠᠨ ᠢᠶᠠᠨ ︽ᠴᠠᠯ ᠪᠤᠭᠤᠷᠤᠯ︾ ᠭᠡᠳᠡᠭ᠃ ᠴᠢᠩᠭᠢᠰ ᠬᠠᠭᠠᠨ ᠤ ᠦᠶ᠎ᠡ ᠳᠤ ᠶᠡᠷᠡ ᠶᠢᠰᠤᠨ ᠴᠠᠭᠠᠭᠴᠢ ᠭᠡᠭᠦᠤ ᠰᠠᠭᠠᠵᠤ ᠴᠡᠭᠡ ᠤᠤᠭᠤᠳᠠᠭ ᠳᠡᠤᠭᠡ ᠲᠠᠢ᠂ ᠬᠤᠪᠢᠯᠠᠢ ᠬᠠᠭᠠᠨ ᠤ ᠦᠶ᠎ᠡ ᠳᠤ ᠴᠤ ᠳᠦᠮᠡᠨ ᠴᠠᠭᠠᠨ ᠭᠡᠭᠦᠤ ᠪᠠᠷᠢᠵᠤ ᠪᠦᠭᠦᠳᠡ ᠢᠵᠠᠭᠤᠷᠳᠡᠨ ᠴᠠᠭᠠᠨ ᠭᠡᠭᠦᠤ ᠶᠢᠨ ᠴᠡᠭᠡ ᠤᠤᠭᠤᠳᠠᠭ᠃ ︵ᠴᠠᠭᠠᠨ ᠭᠡᠭᠦᠤ ᠶᠢᠨ ᠰᠦ ᠢ ᠤᠤᠭᠤᠪᠠᠯ ᠭᠦᠮᠤᠨ ᠦᠳᠡᠯᠳᠡᠭ ᠦᠭᠡᠢ ᠭᠡᠨ᠎ᠡ︶ ᠴᠢᠩᠭᠢᠰ ᠬᠠᠭᠠᠨ ᠤ ᠦᠶ᠎ᠡ ᠳᠤ ᠡᠩᠭᠡ ᠳᠠᠶᠢᠪᠤᠩ ᠢᠶᠠᠨ ︽ᠴᠠᠭᠠᠨ ᠰᠦᠯᠳᠡ︾  ᠪᠠᠷ ᠢᠯᠡᠤᠨᠬᠡᠳᠡᠭ᠃                  ᠰᠦᠰᠤᠭ᠍ᠯᠡᠳᠡᠭ ᠰᠦᠯᠳᠡ ᠨᠢ ᠴᠠᠭᠠᠨ᠂      ᠰᠠᠭᠤᠳᠠᠭ ᠦᠷᠭᠦᠭᠡ ᠨᠢ ᠴᠠᠭᠠᠨ᠂      ᠰᠤᠷᠳᠠᠭ ᠨᠤᠮ ᠨᠢ ᠴᠠᠭᠠᠨ᠂      ᠢᠳᠡᠳᠡᠭ ᠢᠳᠡᠭᠡᠨ ᠨᠢ ᠴᠠᠭᠠᠨ᠂      ᠡᠮᠤᠰᠳᠡᠭ ᠳᠡᠪᠡᠯ ᠨᠢ ᠴᠠᠭᠠᠨ᠂      ᠰᠢᠲᠦᠭᠡᠨᠲᠦ ᠳᠡᠭᠷᠢ ᠶᠢᠨ ᠭᠢᠨᠢ ᠡᠭᠦᠯᠨ ᠨᠢ ᠴᠠᠭᠠᠨ᠂      ᠰᠦᠷᠦᠭ ᠮᠠᠯ ᠤᠨ ᠭᠢᠨᠢ ᠵᠢᠰᠤ ᠨᠢ ᠴᠠᠭᠠᠨ᠃      ᠨᠡᠩ ᠴᠤ ᠭᠠᠶᠢᠬᠠᠮᠰᠢᠭ ᠲᠠᠢ ᠨᠢ ᠭᠦᠮᠤᠨ ᠤ ᠠᠮᠢᠳᠤᠷᠠᠯ ᠤᠨ ᠪᠦᠭᠦᠶᠢᠯᠨ ᠶᠠᠪᠤᠴᠠ ᠶᠢ ᠶᠢᠷᠳᠢᠨᠴᠤ ᠶᠢᠨ ᠭᠤᠷᠪᠠᠨ ᠴᠠᠭᠠᠨ ᠢᠶᠠᠷ ᠦᠯᠢᠤᠨᠬᠡᠨ ︽ᠥᠰᠬᠦ ᠳᠤ ᠰᠢᠳᠤ ᠴᠠᠭᠠᠨ᠂ ᠦᠳᠡᠯᠭᠦ ᠳᠤ ᠦᠰᠤ ᠴᠠᠭᠠᠨ᠂ ᠦᠭᠦᠭᠦ ᠳᠤ ᠶᠠᠰᠤ ᠴᠠᠭᠠᠨ︾ ᠭᠡᠵᠤ ᠵᠤᠶᠢᠷᠯᠡᠭᠰᠡᠨ ᠪᠠᠶᠢᠳᠠᠭ᠃ ᠡᠶᠢᠮᠤ ᠠᠴᠠ ᠴᠠᠭᠠᠨ ᠦᠩᠭᠡ ᠪᠤᠯ ᠮᠤᠩᠭᠤᠯ ᠭᠦᠮᠤᠨ ᠤ ᠠᠮᠢᠳᠤᠷᠠᠯ ᠳᠤ ᠳᠤᠳ᠋ᠬᠠᠳᠠᠵᠤ ᠪᠤᠯᠤᠰᠢ ᠦᠭᠡᠢ ᠨᠢᠭᠡ ᠦᠩᠭᠡ ᠪᠤᠯᠤᠨᠨᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号