ᠬᠤᠨᠢᠨ ᠤ ᠱᠠᠭ᠎ᠠ
ᠨᠡᠶᠢᠲᠡᠯᠡᠭᠰᠡᠨ ᠴᠠᠭ᠄
2024/5/13
     ᠮᠠᠨ ᠤ ᠮᠤᠩᠭᠤᠯᠴᠤᠳ᠂ ᠬᠤᠨᠢᠨ ᠤ ᠱᠠᠭ᠎ᠠ ᠶᠢ ᠬᠠᠯᠠᠭᠤᠨ ᠬᠤᠰᠢᠭᠤᠳᠤ ᠮᠠᠯ ᠤᠨ ᠱᠠᠭ᠎ᠠ ᠬᠡᠵᠦ ᠶᠡᠬᠡᠳᠡ ᠡᠷᠬᠢᠮᠯᠡᠬᠦ ᠵᠠᠩᠰᠢᠯ ᠲᠠᠢ ᠶᠤᠮ᠃ ᠬᠤᠨᠢᠨ ᠤ ᠱᠠᠭ᠎ᠠ ᠪᠤᠯ ᠱᠠᠭᠠᠨᠳᠦ ᠶᠢᠨ ᠶᠠᠰᠤᠨ ᠤ ᠦᠵᠦᠬᠦᠷ ᠲᠤ ᠪᠠᠶᠢᠳᠠᠭ ᠵᠢᠵᠢᠭᠬᠡᠨ ᠶᠠᠰᠦ ᠶᠢ ᠬᠡᠯᠡᠨ᠎ᠡ᠃ ᠮᠠᠯᠴᠢᠳ᠂ ᠠᠯᠠᠵᠦ ᠢᠳᠡᠭᠰᠡᠨ ᠬᠤᠨᠢ ᠪᠤᠶᠤ ᠦᠬᠦᠭᠰᠡᠨ ᠬᠤᠨᠢᠨ ᠤ ᠪᠠᠨ ᠱᠠᠭ᠎ᠠ ᠶᠢ ᠰᠠᠯᠭᠠᠨ ᠠᠪᠴᠦ ᠰᠠᠶᠢᠬᠠᠨ ᠴᠡᠪᠡᠷᠯᠡᠵᠦ ᠵᠠᠰᠠᠭᠠᠳ ᠬᠠᠳᠠᠭᠠᠯᠠᠨ ᠨᠠᠭᠠᠳᠤᠮ ᠲᠤᠭᠯᠠᠭᠠᠮ ᠳᠤ ᠵᠤᠷᠢᠭᠤᠯᠳᠠᠭ᠃ ᠬᠤᠨᠢᠨ ᠱᠠᠭ᠎ᠠ ᠨᠢ ᠢᠮᠠᠭᠠᠨ ᠤ ᠱᠠᠭ᠎ᠠ ᠶᠢ ᠪᠤᠳᠤᠪᠠᠯ ᠬᠡᠯᠪᠡᠷᠢ ᠲᠦᠷᠰᠦ᠂ ᠶᠠᠩᠵᠦ ᠪᠠᠶᠢᠳᠠᠯ ᠨᠢ ᠪᠠᠭ᠋ᠠᠨ ᠠᠳᠠᠯᠢ ᠦᠬᠡᠢ᠃ ᠬᠤᠨᠢᠨ ᠤ ᠪᠠᠨ ᠶᠡᠭᠡ ᠪᠠᠭ᠎ᠠ ᠪᠠᠷ ᠰᠢᠯᠳᠠᠭᠠᠯᠠᠭᠳᠠᠵᠦ᠂ ᠱᠠᠭ᠎ᠠ ᠶᠢᠨ ᠪᠦᠳᠦᠬᠦᠨ᠂ ᠵᠢᠵᠢᠭ ᠨᠢ ᠬᠤᠭᠤᠷᠤᠨᠳᠦ ᠪᠠᠨ ᠠᠳᠠᠯᠢ ᠦᠬᠡᠢ ᠪᠠᠶᠢᠳᠠᠭ᠃ ᠮᠤᠩᠭᠤᠯᠴᠤᠳ ᠬᠤᠨᠢᠨ ᠤ ᠱᠠᠭ᠎ᠠ ᠶᠢ ᠵᠠᠭᠤ᠂ ᠲᠠᠪᠤᠨ ᠵᠠᠭᠤ᠂ ᠮᠢᠩᠭ᠎ᠠ ᠪᠠᠷ ᠴᠤᠭᠯᠠᠭᠤᠯᠵᠦ ᠬᠠᠳᠠᠭᠠᠯᠠᠬᠤ ᠵᠠᠩᠰᠢᠯ ᠲᠠᠢ ᠪᠦᠭᠡᠳ ᠠᠯᠢ ᠠᠶᠢᠯ ᠤᠨ ᠱᠠᠭ᠎ᠠ ᠮᠢᠩᠭ᠎ᠠ ᠬᠦᠷᠪᠡᠯ ᠲᠡᠬᠦᠨ ᠢ ᠪᠤᠮᠪᠠᠯᠠᠨ᠎ᠠ ᠬᠡᠵᠦ ᠰᠢᠷᠠᠮᠠᠯ ᠢᠰᠡᠬᠡᠢ ᠤᠭᠤᠳᠠᠨ ᠳᠤ ᠬᠢᠵᠦ ᠲᠠᠯᠪᠢᠭᠠᠳ᠂ ᠲᠠᠬᠢᠵᠦ ᠨᠢᠬᠡ ᠠᠴᠠ ᠡᠬᠢᠯᠡᠵᠦ ᠴᠤᠭᠯᠠᠭᠤᠯᠵᠦ ᠬᠠᠳᠠᠭᠠᠯᠠᠨ᠎ᠠ᠃            ᠬᠤᠴᠠᠨ ᠤ ᠱᠠᠭ᠎ᠠ᠂ ᠰᠠᠳᠠᠷ ᠲᠠᠢ ᠮᠠᠯ ᠤᠨ ᠱᠠᠭ᠎ᠠ᠂ ᠤᠪᠤᠭᠠᠨ ᠰᠢᠬᠦᠰᠦ᠂ ᠪᠤᠷᠬᠠᠨ ᠤ ᠰᠢᠬᠦᠰᠦ᠂ ᠬᠤᠷᠢᠮ ᠤᠨ ᠰᠢᠬᠦᠰᠦ᠂ ᠬᠡᠤᠬᠡᠳ ᠤᠨ ᠭᠤᠷᠪᠠ ᠬᠤᠨᠤᠭ ᠤᠨ ᠱᠦᠯᠦᠨ ᠤ ᠬᠤᠨᠢᠨ ᠤ ᠱᠠᠭ᠎ᠠ ᠶᠢ ᠪᠤᠯ ᠰᠠᠶᠢᠬᠠᠨ ᠵᠠᠰᠠᠵᠦ ᠴᠡᠪᠡᠷᠯᠡᠬᠡᠳ ᠬᠠᠳᠠᠭᠠᠯᠠᠬᠤ ᠠᠴᠠ ᠪᠢᠰᠢ᠂ ᠨᠠᠭᠠᠳᠤᠮ ᠲᠤᠭᠯᠠᠭᠠᠮ ᠳᠤ ᠤᠷᠤᠭᠤᠯᠬᠤ ᠶᠤᠰᠦ ᠦᠬᠡᠢ᠃          ᠶᠢᠰᠦᠨ ᠦᠶ᠎ᠡ ᠲᠠᠷᠠᠭᠠᠯᠠᠨ ᠤᠯᠠᠮᠵᠢᠯᠠᠨ ᠬᠠᠳᠠᠭᠠᠯᠠᠭᠰᠠᠨ ᠬᠤᠨᠢᠨ ᠤ ᠱᠠᠭ᠎ᠠ ᠶᠢ ︽ᠬᠦᠷᠡᠯ ᠱᠠᠭ᠎ᠠ︾ ᠬᠡᠮᠡᠨ ᠨᠡᠷᠡᠯᠡᠵᠦ ᠡᠷᠬᠢᠮᠯᠡᠨ ᠲᠡᠭᠡᠳᠦᠯᠡᠳᠡᠭ ᠪᠠᠶᠢᠵᠠᠢ᠃ ᠡᠨᠡᠬᠦ ︽ᠬᠦᠷᠡᠯ ᠱᠠᠭ᠎ᠠ︾ ᠶᠢ ᠡᠮ ᠤᠨ ᠬᠦᠯᠦᠭ ᠪᠤᠯᠭᠠᠵᠦ᠂ ᠡᠪᠡᠳᠴᠢᠨ ᠵᠠᠰᠠᠬᠤ ᠳᠤ ᠬᠡᠷᠡᠭᠯᠡᠬᠦ ᠴᠤ ᠪᠤᠢ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号