ᠲᠡᠦᠭᠡᠨ ᠣᠯᠠᠷᠢᠯ ︵ᠶᠢᠰᠤ︶ | 1976 ᠣᠨ᠄ | 1 ᠰᠠᠷ᠎ᠠ ᠶᠢᠨ10 ᠤ ᠡᠳᠦᠷ᠂ ᠲᠦᠷᠦ ᠶᠢᠨ ᠶᠠᠪᠤᠳᠠᠯ ᠤᠨ ᠬᠤᠷᠢᠶᠠᠨ ᠤ ᠵᠦᠪᠰᠢᠶᠡᠷᠡᠯ ᠢᠶᠠᠷ ᠤᠳᠠ᠂ | ᠬᠠᠶᠢᠷᠣᠪ ᠤᠨ ᠲᠤᠬᠤᠢ ᠬᠤᠶᠠᠷ ᠬᠤᠳᠠ ᠶᠢ ᠨᠠᠶᠢᠯᠡᠭᠦᠯᠦᠨ ᠦᠬᠠᠢ ᠬᠤᠳᠠ ᠪᠠᠶᠢᠭᠤᠯᠤᠭᠳᠠᠭᠰᠠᠨ ᠢ ᠵᠢᠩᠬᠢᠨᠢ ᠪᠠᠷ | ᠨᠡᠶᠢᠳᠡᠯᠡᠪᠡ᠂ ᠦᠪᠡᠷᠳᠡᠭᠡᠨ ᠵᠠᠰᠠᠬᠤ ᠤᠷᠤᠨ ᠤ ᠰᠢᠭᠤᠳ ᠬᠠᠷᠢᠶ᠎ᠠ ᠬᠤᠳᠠ ᠪᠤᠯᠤᠨ᠎ᠠ᠂ ᠵᠠᠬᠢᠷᠭ᠎ᠠ ᠳᠠᠭᠠᠨ ᠤᠳᠠ᠂ | ᠬᠠᠶᠢᠷᠣᠪ ᠤᠨ ᠲᠤᠬᠤᠢ᠂ ᠷᠠᠰᠠᠩ ᠰᠦᠮ᠎ᠡ ᠵᠡᠷᠭᠡ ᠭᠤᠷᠪᠠᠨ ᠬᠡᠷᠡᠭ ᠡᠷᠬᠢᠯᠡᠬᠦ ᠭᠠᠵᠠᠷ ᠲᠠᠢ᠃ ᠸᠠᠩ ᠵᠢᠶᠠᠨ ᠮᠢᠨ | ᠬᠤᠳᠠ ᠶᠢᠨ ᠨᠠᠮ ᠤᠨ ᠬᠤᠷᠢᠶᠠᠨ ᠤ ᠨᠢᠭᠡᠳᠦᠭᠡᠷ ᠱᠦᠵᠢ ᠵᠢᠴᠢ ᠬᠤᠪᠢᠰᠬᠠᠯ ᠤᠨ ᠵᠦᠪᠯᠡᠯ ᠤᠨ ᠡᠷᠭᠢᠯᠡᠭᠴᠢ ᠶᠢᠨ | ᠲᠤᠰᠢᠶᠠᠯ ᠢ ᠡᠭᠦᠷᠭᠡᠯᠡᠪᠡ᠂ ᠶᠠᠩ ᠯᠢ ᠱᠧᠩ ᠱᠦᠵᠢ ᠵᠢᠴᠢ ᠬᠤᠪᠢᠰᠬᠠᠯ ᠤᠨ ᠵᠦᠪᠯᠡᠯ ᠤᠨ ᠲᠡᠳ᠋ ᠡᠷᠬᠢᠯᠡᠭᠴᠢ ᠶᠢᠨ | ᠲᠤᠰᠢᠶᠠᠯ ᠢ ᠡᠭᠦᠷᠭᠡᠯᠡᠵᠦ᠂ ᠵᠤᠤ ᠬᠤᠸᠠᠢ ᠪᠢᠨ᠂ ᠪᠠᠢ ᠱᠣᠸᠠᠩ ᠰᠢ᠂ ᠲᠡᠳ᠋ ᠱᠦᠵᠢ ᠵᠢᠴᠢ ᠬᠤᠪᠢᠰᠬᠠᠯ ᠤᠨ ᠵᠦᠪᠯᠡᠯ | ᠤᠨ ᠲᠡᠳ᠋ ᠡᠷᠬᠢᠯᠡᠭᠴᠢ ᠶᠢᠨ ᠲᠤᠰᠢᠶᠠᠯ ᠢ ᠡᠭᠦᠷᠭᠡᠯᠡᠵᠦ᠂ ᠯᠢᠦ ᠴᠠᠩ ᠪᠢᠨ ᠬᠤᠪᠢᠰᠬᠠᠯ ᠤᠨ ᠵᠦᠪᠯᠡᠯ ᠤᠨ ᠲᠡᠳ᠋ | ᠡᠷᠬᠢᠯᠡᠭᠴᠢ ᠶᠢᠨ ᠲᠤᠰᠢᠶᠠᠯ ᠢ ᠡᠭᠦᠷᠭᠡᠯᠡᠪᠡ᠃ ᠦᠪᠦᠷ ᠮᠤᠩᠭᠤᠯ ᠤᠨ ᠬᠤᠪᠢᠰᠬᠠᠯ ᠤᠨ ᠵᠦᠪᠯᠡᠯ ᠤᠨ ᠲᠡᠳ᠋ | ᠡᠷᠬᠢᠯᠡᠭᠴᠢ ᠱᠧᠨ ᠱᠢᠨ ᠹᠠ ᠪᠠᠶᠢᠭᠤᠯᠤᠭᠳᠠᠬᠤ ᠶᠡᠭᠡ ᠬᠤᠷᠠᠯ ᠳᠤ ᠤᠷᠤᠯᠴᠠᠪᠠ᠃ | 2 ᠰᠠᠷ᠎ᠠ ᠶᠢᠨ 19 ᠤ ᠡᠳᠦᠷ᠂ ᠦᠬᠠᠢ ᠬᠤᠳᠠ ᠶᠢᠨ ᠲᠧᠯᠸᠢᠰ ᠲᠠᠮᠵᠢᠭᠤᠯᠣᠨ ᠨᠡᠪᠳᠡᠷᠡᠬᠦᠯᠬᠦ ᠦᠷᠳᠡᠭᠡ ᠶᠢ | ᠡᠭᠦᠰᠭᠡᠨ ᠪᠠᠶᠢᠭᠤᠯᠪᠠ᠃ | 3 ᠰᠠᠷ᠎ᠠ ᠶᠢᠨ 15 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠦᠬᠠᠢ ᠬᠤᠳᠠ ᠶᠢᠨ | ᠬᠤᠷᠢᠶ᠎ᠠ ᠪᠠᠶᠢᠩᠭᠤ ᠶᠢᠨ ᠬᠤᠷᠢᠶᠠᠨ ᠤ ᠦᠷᠭᠡᠳᠭᠡᠭᠰᠡᠨ ᠬᠤᠷᠠᠯ ᠬᠢᠵᠦ᠂ ᠮᠡᠣ ᠲᠡᠷᠢᠬᠦᠯᠡᠭᠴᠢ ᠶᠢᠨ ᠴᠢᠬᠤᠯᠠ ᠵᠢᠭᠠᠪᠤᠷᠢ | ᠪᠤᠯᠤᠨ ᠲᠦᠪ ᠬᠤᠷᠢᠶᠠᠨ ᠤ ᠪᠢᠴᠢᠭ ᠮᠠᠲ᠋ᠧᠷᠢᠶᠠᠯ ᠢ ᠲᠤᠤᠱᠯᠠᠭᠤᠯᠵᠤ᠂ ᠦᠵᠡᠯ ᠰᠠᠨᠠᠭᠠᠨ ᠤ ᠡᠷᠬᠢᠯᠳᠡ ᠬᠢᠵᠦ᠂ | ︽ᠪᠠᠷᠠᠭᠤᠨ ᠤ ᠬᠡᠯᠪᠡᠷᠢᠯ ᠤᠨ ᠬᠡᠷᠡᠭ ᠢᠶᠠᠨ ᠵᠦᠪᠳᠡᠭᠡᠬᠦ ᠰᠤᠷᠲᠠᠯ︾ ᠶᠢ ᠡᠰᠡᠷᠭᠦᠴᠡᠨ ᠨᠢᠴᠤᠭᠠᠪᠠ᠃ | ᠲᠤᠰ ᠰᠠᠷ᠎ᠠ᠂ ᠦᠬᠠᠢ ᠬᠤᠳᠠ ᠠᠷᠠᠳ ᠨᠡᠶᠢᠳᠡ ᠶᠢᠨ ᠠᠯᠪᠠᠨ ᠵᠢᠷᠤᠮ ᠤᠨ ᠠᠷᠠᠤᠡ ᠤᠨ ᠠᠭᠠᠷ ᠤᠨ | ᠰᠠᠷᠭᠡᠶᠢᠯᠠᠯᠳᠡ ᠶᠢᠨ ᠢᠠᠵᠧᠨᠧᠷᠵᠩ ᠡᠬᠢᠯᠡᠨ ᠪᠠᠶᠢᠭᠤᠯᠪᠠ᠃ | ▲ ᠦᠬᠠᠢ ᠬᠤᠳᠠ ᠶᠢᠨ ᠠᠷᠠᠣᠠ ᠤᠨ ᠵᠠᠪᠰᠡᠭᠳᠤ ᠬᠦᠴᠣᠠ ᠤ ᠬᠡᠯᠳᠠᠰ ᠪᠠᠶᠢᠭᠤᠯᠤᠭᠳᠠᠪᠠ᠃ ᠯᠢᠦ ᠡᠯ | ᠰᠢᠶᠤᠤ ᠬᠡᠯᠳᠡᠰ ᠤᠨ ᠲᠠᠷᠤᠭ᠎ᠠ ᠤᠨ ᠲᠤᠰᠢᠶᠠᠯ ᠢ ᠡᠭᠦᠷᠭᠡᠯᠡᠵᠦ᠂ ᠪᠢᠶᠠᠨ ᠽᠢ ᠶᠢᠩ ᠤᠯᠤᠰ ᠲᠦᠷᠤ ᠶᠢᠨ ᠭᠡᠰᠵᠬᠦᠡ ᠤ | ᠲᠤᠰᠢᠶᠠᠯ ᠢ ᠡᠭᠦᠷᠭᠡᠯᠡᠪᠡ᠃ | 6 ᠰᠠᠷ᠎ᠠ ᠶᠢᠨ 17 ᠤ ᠡᠳᠦᠷ᠂ ᠬᠠᠶᠢᠷᠣᠪ ᠤᠨ ᠲᠤᠬᠤᠢ ᠨᠡᠭᠦᠷᠡᠰᠦᠨ ᠠᠭᠤᠷᠬᠠᠢ ᠶᠢᠨ ᠬᠤᠳᠳᠤᠭ ᠲᠤᠤᠷ᠎ᠠ | ᠭᠠᠰ ᠲᠡᠯᠪᠡᠷᠡᠵᠦ᠂15 ᠬᠦᠮᠦᠨ ᠦᠬᠦᠪᠡ᠃ | 7 ᠰᠠᠷ᠎ᠠ ᠶᠢᠨ 31 ᠤ ᠡᠳᠦᠷ᠂ ᠦᠬᠠᠢ ᠬᠤᠳᠠ ᠡᠮᠨᠡᠯᠭᠡ ᠶᠢᠨ ᠬᠤᠪᠢᠶᠠᠷᠢ ᠠᠩᠬᠢ ᠪᠠᠶᠢᠭᠤᠯᠵᠤ᠂ ᠨᠢᠭᠡ | ᠪᠦᠯᠦᠭ ᠡᠮ ᠪᠤᠯᠤᠨ ᠡᠮᠨᠠᠯᠭᠡ ᠶᠢᠨ ᠪᠠᠭᠠᠵᠢ ᠮᠠᠰᠵᠡ ᠪᠡᠯᠡᠳᠭᠡᠵᠦ᠂ ᠾᠧᠪᠸᠢ ᠶᠢᠨ ᠲᠠᠩ ᠱᠠᠨ ᠤ ᠭᠠᠵᠠᠷ | ᠬᠦᠳᠡᠯᠦᠭᠰᠡᠨ ᠭᠠᠮᠰᠢᠭ ᠤᠨ ᠣᠷᠣᠨ ᠳᠤ ᠭᠦᠷᠴᠦ ᠠᠪᠤᠷᠠᠨ ᠲᠤᠰᠠᠯᠠᠬᠤ ᠠᠵᠢᠯ ᠳᠤ ᠤᠷᠤᠯᠴᠠᠪᠠ᠃ | 9 ᠰᠠᠷ᠎ᠠ ᠶᠢᠨ 9 ᠤ ᠡᠳᠦᠷ᠂ ᠮᠡᠣ ᠽᠧ ᠳ᠋ᠦᠩ ᠲᠡᠷᠢᠬᠦᠯᠡᠭᠴᠢ ᠨᠠᠰᠤ ᠪᠠᠷᠠᠪᠠ᠂ ᠪᠦᠬᠦ ᠬᠤᠳᠠ ᠶᠢᠨ ᠡᠯ᠎ᠡ | ᠨᠢᠬᠡᠴᠡ ᠭᠠᠰᠢᠭᠤᠳᠠᠬᠤ ᠬᠤᠷᠠᠯ ᠬᠢᠪᠡ᠃ | 9 ᠰᠠᠷ᠎ᠠ ᠶᠢᠨ 23 ᠤ ᠡᠳᠦᠷ᠂ ᠦᠷᠯᠦᠭᠡ ᠶᠢᠨ 4 ᠴᠠᠭ ᠤᠨ ᠦᠶᠡᠰ ᠲᠤ᠂ ᠠᠯᠠᠱᠠ ᠬᠤᠰᠢᠭᠤᠨ ᠤ | ᠪᠠᠶᠠᠨᠮᠦ᠋ᠷᠡᠨ ᠭᠦᠩᠱᠧ ᠶᠢᠨ ᠪᠠᠷᠠᠭᠤᠨ ᠬᠡᠰᠡᠭ ᠲᠤ ᠭᠠᠵᠠᠷ ᠬᠦᠳᠡᠯᠪᠡ᠃ ᠭᠠᠵᠠᠷ ᠬᠦᠳᠡᠯᠦᠯᠳᠡ ᠶᠢᠨ ᠲᠦᠪ ᠨᠢ ᠵᠡᠬᠦᠨ | ᠤᠷᠲᠤᠷᠢᠭ ᠤᠨ 106。21、᠂ ᠤᠮᠠᠷᠠᠲᠤ ᠦᠷᠭᠡᠷᠢᠭ ᠤᠨ 40。05、᠂ ᠬᠠᠶᠢᠷᠣᠪ ᠤᠨ ᠲᠤᠬᠤᠢ ᠠᠴᠠ | 47 km ᠵᠠᠶᠢᠳᠠᠢ᠃ ᠭᠠᠵᠠᠷ ᠬᠥᠳᠡᠯᠦᠯᠲᠡ ᠶᠢᠨ ᠭᠤᠯᠤᠮᠳᠠ ᠨᠢ ᠭᠠᠵᠠᠷ ᠠᠴᠠ ᠲᠤᠤᠷ᠎ᠠ 35 km᠂ ᠬᠦᠴᠦᠯᠡᠴᠡ | ᠨᠢ MS 6.2 ᠲᠡᠰ᠂ ᠬᠥᠳᠡᠯᠥᠯᠲᠡ ᠶᠢᠨ ᠲᠦᠪ ᠤᠨ ᠳᠣᠷᠭᠢᠭᠤᠯᠴᠠ ᠨᠢ 7 ᠭᠷᠠᠳᠦ᠋ᠰ ᠰᠣᠯᠠ᠃ ᠦᠬᠠᠢ ᠬᠤᠳᠠ | ᠳᠤ ᠨᠡᠯᠢᠶᠡᠳ ᠴᠢᠩᠭ᠎ᠠ ᠬᠦᠳᠡᠯᠦᠯᠳᠡ ᠶᠢᠨ ᠰᠡᠷᠡᠭᠳᠡᠯ ᠲᠠᠢ᠃ | 10 ᠰᠠᠷ᠎ᠠ ᠶᠢᠨ 22 ~ 23 ᠤ ᠡᠳᠦᠷ᠂ ᠦᠬᠠᠢ ᠬᠤᠳᠠ ᠶᠢᠨ 10 ᠭᠠᠷᠣᠢ ᠲᠦᠮᠡᠨ ᠡᠯ᠎ᠡ ᠦᠨᠳᠦᠰᠦᠳᠡᠨ | ᠡᠯ᠎ᠡ ᠡᠳᠡᠭᠡᠳ ᠤᠨ ᠣᠯᠠᠨ ᠲᠦᠮᠡᠨ ᠴᠤᠭᠯᠠᠭᠠᠨ ᠪᠤᠯᠵᠤ ᠵᠢᠭᠰᠠᠭᠠᠯ ᠶᠠᠪᠤᠭᠤᠯᠤᠨ᠂ ᠨᠠᠮ ᠤᠨ ᠲᠦᠪ ᠬᠤᠷᠢᠶᠠᠨ ᠠᠴᠠ | ᠸᠠᠩ ᠬᠤᠩ ᠸᠧᠨ᠂ ᠵᠠᠩ ᠴᠦᠨ ᠴᠢᠶᠤᠤ᠂ ᠵᠢᠶᠠᠩ ᠴᠢᠩ᠂ ᠶᠤᠤ ᠸᠧᠨ ᠶᠤᠸᠠᠨ ᠤ ︽ᠲᠦᠷᠪᠡᠨ ᠬᠦᠮᠦᠨ ᠤ ᠪᠦᠯᠦᠭ︾ | ᠤᠨ ᠨᠠᠮ ᠢ ᠡᠰᠡᠷᠭᠦᠴᠡᠭᠴᠢ ᠪᠦᠯᠦᠭ ᠢ ᠪᠤᠳᠠ ᠨᠢᠷᠭᠡᠭᠰᠡᠨ ᠢᠯᠠᠯᠳᠠ ᠶᠢ ᠪᠡᠯᠭᠡᠯᠡᠪᠡ᠃ | 12 ᠰᠠᠷ᠎ᠠ ᠶᠢᠨ 24 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠦᠬᠠᠢ ᠬᠤᠳᠠ ᠶᠢᠨ | ᠬᠤᠷᠢᠶᠠᠨ ᠠᠴᠠ ︽ᠳ᠋ᠠᠴᠢᠩ ᠬᠡᠯᠪᠡᠷᠢ ᠶᠢᠨ ᠠᠵᠤ ᠠᠬᠤᠶᠢᠯᠠᠯ ᠢ ᠲᠦᠭᠡᠮᠡᠯᠵᠢᠭᠦᠯᠵᠦ ᠳ᠋ᠠᠴᠢᠩ ᠬᠡᠯᠪᠡᠷᠢ ᠶᠢᠨ ᠬᠤᠳᠠ | ᠶᠢ ᠪᠦᠲᠦᠭᠡᠨ ᠪᠠᠶᠢᠭᠤᠯᠬᠤ ᠲᠤᠬᠠᠢ ᠰᠢᠢᠳᠪᠦᠷᠢ︾ ᠭᠠᠷᠭᠠᠵᠤ᠂ 10 ᠵᠢᠯ ᠤᠨ ᠲᠤᠲᠤᠷ᠎ᠠ ᠳ᠋ᠠᠴᠢᠩ ᠬᠡᠯᠪᠡᠷᠢ ᠶᠢᠨ | ᠬᠤᠳᠠ ᠪᠠᠶᠢᠭᠤᠯᠤᠨ᠎ᠠ ᠭᠡᠰᠡᠨ ᠲᠤᠷᠠᠳᠣᠯᠭ᠎ᠠ ᠭᠠᠷᠭᠠᠪᠠ᠃ | 12 ᠰᠠᠷ᠎ᠠ ᠶᠢᠨ 26 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠦᠬᠠᠢ ᠬᠤᠳᠠ ᠶᠢᠨ | ᠬᠤᠷᠢᠶᠠᠨ ᠠᠴᠠ ︽ᠤᠳᠠ ᠶᠢᠨ ᠠᠭᠤᠷᠬᠠᠢ ᠶᠠᠪᠤᠳᠠᠯ ᠤᠨ ᠲᠤᠪᠴᠢᠶᠠᠨ ᠠᠴᠠ ᠰᠣᠷᠣᠯᠴᠠᠬᠤ ᠲᠤᠬᠠᠢ ᠰᠢᠢᠳᠪᠦᠷᠢ︾ | ᠭᠠᠷᠭᠠᠪᠠ᠃ ᠤᠳᠠ ᠶᠢᠨ ᠠᠭᠤᠷᠬᠠᠢ ᠶᠠᠪᠤᠳᠠᠯ ᠤᠨ ᠲᠤᠪᠴᠢᠶ᠎ᠠ ᠪᠦᠬᠦ ᠵᠢᠯ ᠤᠨ ᠨᠡᠭᠦᠷᠡᠰᠦ ᠦᠢᠯᠡᠳᠪᠦᠷᠢᠯᠡᠬᠦ | ᠲᠦᠯᠦᠪᠯᠡᠭᠡ ᠪᠠᠨ70 ᠡᠳᠦᠷ ᠤᠷᠢᠳᠴᠢᠯᠠᠨ ᠪᠡᠶᠡᠯᠡᠬᠦᠯᠪᠡ᠃ | ᠲᠤᠰ ᠵᠢᠯ᠂ ᠦᠬᠠᠢ ᠬᠤᠳᠠ ᠶᠢᠨ ᠶᠡᠷᠦᠩᠬᠡᠢ ᠠᠵᠢᠯᠲᠠᠨ ᠤ ᠡᠪᠯᠡᠯ᠂ ᠡᠪ ᠬᠠᠮᠳᠤ ᠵᠠᠯᠠᠭᠤᠴᠤᠳ ᠤᠨ ᠡᠪᠯᠠᠯ | ᠤᠨ ᠦᠬᠠᠢ ᠬᠤᠳᠠ ᠶᠢᠨ ᠬᠤᠷᠵᠶ᠎ᠡ᠂ ᠦᠬᠠᠢ ᠬᠤᠳᠠ ᠶᠢᠨ ᠡᠮᠡᠭᠳᠡᠶᠢᠴᠣᠳ ᠤᠨ ᠬᠤᠯᠪᠤᠭ᠎ᠠ ᠪᠠᠶᠢᠭᠤᠯᠤᠭᠳᠠᠪᠠ᠃ | ▲ ᠬᠤᠳᠠ ᠶᠢᠨ ︽5.7︾ ᠺᠠᠳ᠋ᠷ ᠤᠨ ᠰᠤᠷᠭᠠᠭᠤᠯᠢ ᠪᠠᠶᠢᠭᠤᠯᠤᠭᠳᠠᠪᠠ᠃ | 1977 ᠤᠨ᠄ | 1ᠰᠠᠷ᠎ᠠ ᠶᠢᠨ 7 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠦᠬᠠᠢ ᠬᠤᠳᠠ ᠶᠢᠨ | ᠬᠤᠷᠢᠶ᠎ᠠ ᠠᠴᠠ ᠠᠵᠤ ᠦᠢᠯᠡᠳᠪᠦᠷᠢ ᠳ᠋ᠠᠴᠢᠩ ᠠᠴᠠ ᠰᠣᠷᠣᠯᠴᠠᠬᠤ ᠬᠤᠷᠠᠯ ᠬᠤᠷᠠᠯᠳᠣᠪᠠ᠃ | ᠲᠤᠰ ᠰᠠᠷ᠎ᠠ᠂ ᠨᠡᠭᠦᠷᠡᠰᠦᠨ ᠤ ᠶᠠᠮᠤᠨ ᠠᠴᠠ ᠤᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶ᠎ᠠ ᠶᠢ | ︽ᠳ᠋ᠠᠴᠢᠩ ᠠᠴᠠ ᠰᠣᠷᠣᠯᠴᠠᠵᠤ ᠺᠠᠢ ᠯᠤᠸᠠᠨ ᠢ ᠬᠦᠢᠴᠡᠬᠦ ᠲᠡᠷᠢᠬᠦᠨ ᠤ ᠨᠢᠭᠡᠴᠡ︾ ᠪᠠᠷ ᠬᠦᠬᠢᠭᠦᠯᠪᠡ᠃ 2 ᠰᠠᠷ᠎ᠠ ᠳᠤ᠂ | ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠣᠨ ︽ᠬᠤᠪᠢᠰᠬᠠᠯ ᠢ ᠠᠳᠬᠤᠵᠤ ᠦᠢᠯᠡᠳᠪᠦᠷᠢᠯᠡᠯ ᠢ ᠠᠬᠢᠭᠤᠯᠬᠤ | ᠲᠡᠷᠢᠬᠦᠨ ᠤ ᠨᠢᠭᠡᠴᠡ︾ ᠪᠠᠷ ᠬᠦᠬᠢᠬᠦᠯᠪᠡ᠃ | 2 ᠰᠠᠷ᠎ᠠ ᠶᠢᠨ 25 ᠤ ᠡᠳᠦᠷ᠂ ᠦᠬᠠᠢ ᠬᠤᠳᠠ ᠶᠢᠨ ᠪᠠᠭᠰᠢ ᠶᠢᠨ ᠰᠣᠷᠭᠠᠭᠤᠯᠢ ᠪᠠᠶᠢᠭᠤᠯᠤᠭᠳᠠᠪᠠ᠃ | 3 ᠰᠠᠷ᠎ᠠ᠂ ᠦᠬᠠᠢ ᠬᠤᠳᠠ ᠯᠸᠢ ᠹᠧᠩ ᠠᠴᠠ ᠰᠣᠷᠣᠯᠴᠠᠬᠤ ᠬᠦᠳᠡᠯᠭᠡᠭᠡᠨ ᠦᠷᠨᠢᠬᠦᠯᠪᠡ᠃ ᠬᠤᠳᠠ ᠶᠢᠨ ᠨᠠᠮ | ᠤᠨ ᠬᠤᠷᠢᠶᠠᠨ ᠠᠴᠠ ᠪᠦᠬᠦ ᠬᠤᠳᠠ ᠶᠢᠨ ᠠᠵᠢᠯᠴᠢᠨ᠂ ᠲᠠᠷᠢᠶᠠᠴᠢᠨ᠂ ᠬᠤᠳᠠᠯᠳᠣᠭᠠᠴᠢᠨ᠂ ᠰᠣᠷᠣᠭᠴᠢ᠂ ᠴᠡᠷᠢᠭ | ᠪᠦᠭᠦᠳᠡᠭᠡᠷ ᠯᠸᠢ ᠹᠧᠩ ᠠᠴᠠ ᠰᠣᠷᠣᠯᠴᠠᠵᠤ᠂ ᠦᠷᠭᠦᠯᠵᠢᠯᠡᠨ ︽ᠲᠦᠷᠪᠡᠨ ᠬᠦᠮᠦᠨ ᠤ ᠪᠦᠯᠦᠭ︾ ᠢ ᠢᠯᠡᠴᠢᠯᠡᠨ | ᠰᠢᠬᠦᠮᠵᠢᠯᠡᠵᠦ᠂ ᠠᠵᠤ ᠦᠢᠯᠡᠳᠪᠦᠷᠢ ᠳ᠋ᠠᠴᠢᠩ ᠠᠴᠠ ᠰᠣᠷᠣᠯᠴᠠᠵᠤ᠂ ᠲᠠᠷᠢᠶᠠᠯᠠᠩ ᠳ᠋ᠠᠵᠠᠢ ᠠᠴᠠ ᠰᠣᠷᠣᠯᠴᠠᠵᠤ᠂ ᠪᠦᠬᠦ | ᠤᠯᠤᠰ ᠤᠨ ᠠᠷᠠᠳ ᠲᠦᠮᠡᠨ ᠴᠢᠯᠦᠬᠡᠯᠡᠬᠦ ᠴᠡᠷᠢᠭ ᠠᠴᠠ ᠰᠣᠷᠣᠯᠴᠠᠬᠤ᠂ ᠴᠢᠯᠦᠬᠡᠯᠡᠬᠦ ᠴᠡᠷᠢᠭ ᠠᠷᠠᠳ ᠲᠦᠮᠡᠨ ᠠᠴᠠ | ᠰᠣᠷᠣᠯᠴᠠᠬᠤ ᠬᠡᠷᠡᠭᠳᠡᠢ ᠬᠡᠵᠦ ᠱᠠᠭᠠᠷᠳᠠᠪᠠ᠃ | 4 ᠰᠠᠷ᠎ᠠ ᠶᠢᠨ 8 ᠤ ᠡᠳᠦᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠣᠨ ᠤ ᠳ᠋ᠠᠴᠢᠩ ᠬᠡᠯᠪᠡᠷᠢ | ᠶᠢᠨ ᠠᠵᠤ ᠠᠬᠤᠶᠢᠯᠠᠯ ᠢ ᠨᠡᠷᠡᠶᠢᠳᠬᠦ ᠶᠡᠭᠡ ᠬᠤᠷᠠᠯ ᠬᠦᠬᠡᠬᠤᠳᠠ ᠳᠤ ᠬᠤᠷᠠᠯᠳᠣᠪᠠ᠃ ᠤᠳᠠ ᠶᠢᠨ ᠠᠭᠤᠷᠬᠠᠢ ᠶᠢᠨ | ᠶᠠᠪᠤᠳᠠᠯ ᠤᠨ ᠲᠤᠪᠴᠢᠶᠠᠨ ᠤ ᠰᠤᠬᠠᠶᠢᠲᠤ ᠠᠭᠤᠷᠬᠠᠢ᠂ ᠬᠤᠸᠠᠩ ᠪᠠᠢ ᠽᠢ ᠠᠭᠤᠷᠬᠠᠢ ᠶᠢ ︽ᠳ᠋ᠠᠴᠢᠩ ᠬᠡᠯᠪᠡᠷᠢ ᠶᠢᠨ | ᠠᠵᠤ ᠠᠬᠤᠶᠢᠯᠠᠯ︾ ᠬᠡᠵᠦ ᠨᠡᠷᠡᠶᠢᠳᠪᠡ᠃ | ᠲᠤᠰ ᠰᠠᠷ᠎ᠠ᠂ ︽ᠲᠦᠷᠪᠡᠨ ᠬᠦᠮᠦᠨ ᠤ ᠪᠦᠯᠦᠭ︾ ᠲᠠᠢ ᠬᠤᠯᠪᠤᠭᠠᠯᠠᠨ ᠨᠠᠮ ᠵᠠᠰᠠᠭ ᠤᠨ ᠡᠷᠭᠡ ᠶᠢ ᠪᠤᠯᠢᠶᠠᠬᠤ | ᠣᠪ ᠮᠡᠬᠡᠲᠦ ᠠᠵᠢᠯᠯᠠᠭ᠎ᠠ ᠳᠤ ᠣᠷᠣᠯᠴᠠᠭᠰᠠᠨ ᠬᠦᠮᠦᠨ ᠪᠤᠯᠤᠨ ᠬᠡᠷᠡᠭ ᠵᠢᠴᠢ ᠴᠣᠬᠢᠵᠤ᠂ ᠪᠠᠯᠪᠠᠴᠢᠵᠤ᠂ ᠪᠤᠯᠢᠶᠠᠭᠰᠠᠳ | ᠢ ᠡᠬᠢᠯᠡᠨ ᠲᠣᠳᠤᠷᠬᠠᠶᠢᠯᠠᠨ ᠪᠠᠶᠢᠴᠠᠭᠠᠪᠠ᠃ | 5 ᠰᠠᠷ᠎ᠠ ᠶᠢᠨ 16 ᠤ ᠡᠳᠦᠷ᠂ ᠦᠬᠠᠢ ᠬᠤᠳᠠ ᠶᠢᠨ ᠷᠠᠳ᠋ᠵᠤ᠋ ᠨᠠᠪᠳᠠᠷᠠᠬᠦᠯᠭᠡ ᠶᠢᠨ ᠤᠵᠷᠳᠡᠭᠡ | ᠪᠠᠶᠢᠭᠤᠯᠤᠭᠳᠠᠪᠠ᠃ | 5 ᠰᠠᠷ᠎ᠠ ᠶᠢᠨ 27 ᠤ ᠡᠳᠦᠷ~ 6 ᠰᠠᠷ᠎ᠠ ᠶᠢᠨ 3 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ | ᠤᠨ ᠦᠬᠠᠢ ᠬᠤᠳᠠ ᠶᠢᠨ ᠬᠤᠷᠢᠶ᠎ᠠ ᠡᠯ᠎ᠡ ᠵᠦᠢᠯ ᠤᠨ ᠬᠤᠷᠠᠯ ᠬᠤᠷᠠᠯᠳᠣᠵᠣ᠂ ᠪᠦᠬᠦ ᠤᠯᠤᠰ ᠤᠨ ᠠᠵᠤ ᠦᠢᠯᠡᠳᠪᠦᠷᠢ | ᠳ᠋ᠠᠴᠢᠩ ᠠᠴᠠ ᠰᠣᠷᠣᠯᠴᠠᠬᠤ ᠬᠤᠷᠠᠯ ᠤᠨ ᠵᠤᠷᠢᠭ ᠰᠠᠨᠠᠭ᠎ᠠ ᠶᠢ ᠤᠯᠠᠮᠵᠢᠯᠠᠨ ᠲᠤᠤᠱᠯᠠᠭᠤᠯᠵᠤ᠂ ᠳ᠋ᠠᠴᠢᠩ ᠠᠴᠠ | ᠰᠣᠷᠣᠯᠴᠠᠬᠤ ᠦᠷᠨᠢᠯᠳᠡ ᠭᠠᠷᠭᠠᠪᠠ᠃ | ᠲᠤᠰ ᠰᠠᠷ᠎ᠠ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠦᠪᠦᠷ ᠮᠤᠩᠭᠤᠯ ᠤᠨ ᠦᠪᠡᠷᠳᠡᠭᠡᠨ ᠵᠠᠰᠠᠬᠤ | ᠤᠷᠤᠨ ᠤ ᠨᠠᠮ ᠤᠨ ᠬᠤᠷᠢᠶᠠᠨ ᠤ ᠨᠢᠭᠡᠳᠦᠭᠡᠷ ᠱᠦᠵᠢ ᠶᠢᠦ ᠲᠠᠢ ᠵᠦᠩ ᠦᠬᠠᠢ ᠳᠤ ᠠᠵᠢᠯ ᠪᠠᠶᠢᠴᠠᠭᠠᠪᠠ᠃ | 7 ᠰᠠᠷ᠎ᠠ ᠶᠢᠨ 1 ᠤ ᠡᠳᠦᠷ᠂ ᠤᠳᠠ ᠶᠢᠨ ᠬᠡᠷᠡᠭ ᠡᠷᠬᠢᠯᠡᠬᠦ ᠭᠠᠵᠠᠷ ᠪᠤᠯᠤᠨ ᠤᠳᠠ ᠶᠢᠨ ᠠᠭᠤᠷᠬᠠᠢ ᠶᠢᠨ | ᠶᠠᠪᠤᠳᠠᠯ ᠤᠨ ᠲᠤᠪᠴᠢᠶ᠎ᠠ ᠳ᠋ᠠᠴᠢᠩ ᠤᠨ ︽ᠠᠵᠢᠯᠴᠢᠨ ᠲᠠᠷᠢᠶᠠᠴᠢᠨ ᠤᠶᠠᠯᠳᠣᠵᠣ᠃ ᠬᠤᠳᠠ ᠬᠦᠳᠠᠬᠡ ᠤᠶᠠᠯᠳᠣᠵᠣ᠂ | ᠦᠢᠯᠡᠳᠪᠦᠷᠢᠯᠡᠯ ᠳᠤ ᠠᠰᠢᠭᠳᠠᠢ᠂ ᠠᠮᠢᠳᠣᠷᠠᠯ ᠤᠨ ᠲᠦᠭᠦᠮ︾ ᠬᠡᠯᠪᠡᠷᠢ ᠶᠤᠰᠤᠭᠠᠷ᠂ ᠦᠪᠦᠷ ᠮᠤᠩᠭᠤᠯ ᠤᠨ | ᠦᠪᠡᠷᠳᠡᠭᠨ ᠵᠠᠰᠠᠬᠤ ᠤᠷᠤᠨ ᠤ ᠵᠦᠪᠰᠢᠶᠡᠷᠡᠯ ᠢᠶᠠᠷ ᠵᠠᠰᠠᠭ ᠠᠵᠤ ᠠᠬᠤᠶᠢᠯᠠᠯ ᠨᠢᠭᠡᠳᠦᠭᠰᠡᠨ ᠪᠠᠶᠢᠭᠤᠯᠤᠮᠵᠢ ᠶᠢ | ᠬᠡᠷᠡᠭᠵᠢᠭᠦᠯᠵᠦ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠤᠳᠠ ᠶᠢᠨ ᠨᠠᠮ ᠤᠨ ᠬᠤᠷᠢᠶ᠎ᠠ᠂ ᠤᠳᠠ ᠶᠢᠨ | ᠬᠤᠪᠢᠰᠬᠠᠯ ᠤᠨ ᠵᠦᠪᠯᠡᠯ ᠢ ᠪᠠᠶᠢᠭᠤᠯᠵᠤ᠂ ᠯᠢᠦ ᠰᠣ᠋ ᠱᠠᠨ ᠨᠠᠮ ᠤᠨ ᠬᠤᠷᠢᠶᠠᠨ ᠤ ᠱᠦᠵᠢ᠂ ᠬᠤᠪᠢᠰᠬᠠᠯ ᠤᠨ ᠵᠦᠪᠯᠡᠯ | ᠤᠨ ᠡᠷᠭᠢᠯᠡᠭᠴᠢ ᠶᠢᠨ ᠲᠤᠰᠢᠶᠠᠯ ᠢ ᠡᠭᠦᠷᠭᠡᠯᠡᠪᠡ᠃ | 7 ᠰᠠᠷ᠎ᠠ ᠶᠢᠨ 31 ᠤ ᠡᠳᠦᠷ᠂ ︽ᠦᠬᠠᠢ ᠶᠢᠨ ᠴᠢᠮᠡᠭᠡᠯᠡᠯ︾ ᠬᠡᠪᠯᠡᠯ ᠡᠬᠢᠯᠡᠪᠡ᠃ | 8 ᠰᠠᠷ᠎ᠠ ᠶᠢᠨ 3 ᠤ ᠡᠳᠦᠷ᠂ ᠤᠯᠤᠰ ᠤᠨ ᠲᠦᠯᠤᠪᠯᠠᠭᠡᠡ ᠤ ᠵᠦᠪᠯᠠᠯ ᠤᠨ ᠲᠡᠳ᠋ ᠡᠷᠭᠢᠯᠡᠭᠴᠢ ᠮᠠ ᠸᠧᠨ | ᠷᠦᠢ ᠪᠠᠷ ᠪᠦᠯᠬᠦᠮ ᠤᠨ ᠲᠠᠷᠤᠭ᠎ᠠ ᠪᠤᠯᠭᠠᠭᠰᠠᠨ ᠲᠦᠪ ᠬᠤᠷᠢᠶᠠᠨ ᠤ ᠲᠦᠯᠦᠭᠡᠯᠡᠭᠴᠢᠳ ᠤᠨ ᠪᠦᠯᠬᠦᠮ ᠤᠨ | ᠵᠢᠷᠭᠤᠳᠤᠭᠠᠷ ᠬᠤᠪᠢᠶᠠᠷᠢ ᠪᠦᠯᠬᠦᠮ ᠦᠬᠠᠢ ᠳᠤ ᠢᠷᠡᠵᠦ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ | ᠪᠠᠶᠢᠭᠤᠯᠤᠭᠳᠠᠭᠰᠠᠨ 30 ᠵᠢᠯ ᠤᠨ ᠤᠢ ᠶᠢ ᠪᠡᠯᠭᠡᠯᠡᠬᠦ ᠬᠦᠳᠡᠯᠭᠡᠭᠡᠨ ᠳᠤ ᠤᠷᠤᠯᠴᠠᠪᠠ᠃ | 8 ᠰᠠᠷ᠎ᠠ ᠶᠢᠨ 28 ᠤ ᠡᠳᠦᠷ᠂ ᠦᠬᠠᠢ ᠬᠤᠳᠠ ᠶᠢᠨ ᠬᠤᠪᠢᠰᠬᠠᠯ ᠤᠨ ᠵᠦᠪᠯᠡᠯ ︽ᠦᠬᠠᠢ ᠬᠤᠳᠠ ᠤᠷᠤᠢ | ᠤᠷᠤᠭᠯᠠᠬᠤ ᠬᠢᠬᠡᠳ ᠲᠦᠯᠦᠪᠯᠡᠭᠡᠳᠦ ᠦᠷᠡᠵᠢᠯ ᠢ ᠬᠡᠷᠡᠭᠵᠢᠬᠦᠯᠬᠦ ᠠᠵᠢᠯ ᠤᠨ ᠬᠠᠮᠢᠶ᠎ᠠ ᠪᠦᠬᠦᠢ ᠲᠤᠭᠳᠠᠭᠠᠯ ︵ᠲᠦᠷ | ᠬᠡᠷᠡᠭᠵᠢᠭᠦᠯᠬᠦ ᠲᠥᠰᠥᠯ︶︾ ᠲᠤᠭᠳᠠᠭᠠᠪᠠ᠃ | ᠲᠤᠰ ᠰᠠᠷ᠎ᠠ᠂ ᠨᠡᠭᠦᠷᠡᠰᠦᠨ ᠤ ᠶᠠᠮᠤᠨ ᠣᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠳᠤ ︽ᠪᠦᠬᠦ | ᠤᠯᠤᠰ ᠤᠨ ᠨᠡᠭᠦᠷᠡᠰᠦᠨ ᠤ ᠰᠢᠰᠲ᠋ᠧᠮ ᠤᠨ ᠲᠠᠷᠢᠶᠠᠯᠠᠩ ᠲᠤᠰᠠᠯᠠᠬᠤ ᠦᠢᠯᠡᠳᠪᠦᠷᠢᠯᠡᠯ ᠤᠨ ᠳᠣᠬᠠᠢ ᠶᠢᠨ ᠭᠠᠵᠠᠷ ᠤᠨ | ᠲᠤᠷᠰᠢᠯᠭ᠎ᠠ ᠰᠣᠯᠢᠯᠴᠠᠬᠤ ᠬᠤᠷᠠᠯ︾ ᠬᠤᠷᠠᠯᠳᠣᠪᠠ᠃ | 12 ᠰᠠᠷ᠎ᠠ ᠶᠢᠨ 5 ~ 8 ᠤ ᠡᠳᠦᠷ᠂ ᠦᠬᠠᠢ ᠬᠤᠳᠠ ᠶᠢᠨ ᠠᠩᠬᠠᠳᠤᠭᠠᠷ ᠬᠤᠭᠤᠴᠠᠭᠠᠨ ᠤ ᠲᠡᠷᠢᠬᠦᠨ ᠤ | ᠪᠠᠭᠰᠢ ᠶᠢᠨ ᠲᠦᠯᠦᠭᠡᠯᠡᠭᠴᠢᠳ ᠤᠨ ᠶᠡᠭᠡ ᠬᠤᠷᠠᠯ ᠬᠤᠷᠠᠯᠳᠣᠪᠠ᠃ | 1978 ᠣᠨ᠄ | 2 ᠰᠠᠷ᠎ᠠ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠪᠦᠬᠦ ᠤᠷᠤᠨ ᠤ ᠤᠳᠠᠰᠤᠳᠤ ᠷᠠᠳ᠋ᠵᠤ᠋ | ᠨᠠᠪᠳᠠᠷᠠᠬᠦᠯᠭᠡ ᠶᠢᠨ ᠶᠡᠭᠡ ᠬᠤᠷᠠᠯ ᠬᠤᠷᠠᠯᠳᠣᠵᠣ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠲᠦᠪ ᠬᠤᠷᠢᠶ᠎ᠠ | ᠠᠴᠠ ︽ᠤᠯᠠᠭᠠᠨᠬᠦᠦ ᠶᠢᠨ ᠨᠠᠮ ᠢ ᠡᠰᠡᠷᠭᠦᠴᠡᠵᠦ ᠤᠯᠤᠰ ᠠᠴᠠ ᠣᠷᠪᠠᠭᠰᠠᠨ ᠪᠦᠯᠦᠭᠯᠡᠯ︾ ᠪᠤᠯᠤᠨ ︽ᠦᠪᠦᠷ | ᠮᠤᠩᠭᠤᠯ ᠤᠨ ᠬᠤᠶᠠᠳᠣᠭᠠᠷ ᠰᠠᠷ᠎ᠠ ᠶᠢᠨ ᠰᠦᠷᠬᠡᠤ ᠤᠷᠣᠰᠬᠠᠯ︾ ᠬᠤᠶᠠᠷ ᠶᠡᠭᠡ ᠬᠢᠯᠢᠰ᠂ ᠬᠤᠳᠠᠯ᠂ ᠪᠤᠷᠤᠭᠤ ᠬᠡᠷᠡᠭ | ᠲᠤ ᠴᠠᠭᠠᠳᠬᠠᠯ ᠬᠢᠬᠦ ᠶᠢ ᠵᠦᠪᠰᠢᠶᠡᠷᠡᠭᠰᠡᠨ ᠢ ᠨᠠᠶᠢᠳᠡᠯᠡᠪᠡ᠃ ᠲᠤᠮᠳᠠᠲᠤ ᠤᠤᠯᠰ ᠤᠨ ᠡᠪ ᠬᠠᠮᠲᠤ ᠨᠠᠮ ᠤᠨ ᠦᠬᠠᠢ | ᠬᠤᠳᠠ ᠶᠢᠨ ᠬᠤᠷᠢᠶ᠎ᠠ ᠬᠤᠷᠠᠯ ᠬᠤᠷᠠᠯᠳᠣᠵᠣ ᠰᠠᠭᠤᠳᠠᠯ ᠤᠨ ᠬᠤᠷᠠᠯ ᠬᠢᠪᠡ᠃ | ᠲᠤᠰ ᠰᠠᠷ᠎ᠠ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠦᠪᠦᠷ ᠮᠤᠩᠭᠤᠯ ᠤᠨ ᠦᠪᠡᠷᠳᠡᠭᠡᠨ ᠵᠠᠰᠠᠬᠤ | ᠤᠷᠤᠨ ᠤ ᠨᠠᠮ ᠤᠨ ᠬᠤᠷᠢᠶ᠎ᠠ ᠠᠴᠠ ᠤᠳᠠ ᠶᠢᠨ ᠨᠠᠮ ᠤᠨ ᠬᠤᠷᠢᠶ᠎ᠠ᠂ ᠬᠤᠪᠢᠰᠬᠠᠯ ᠤᠨ ᠵᠦᠪᠯᠡᠯ ᠤᠨ ᠤᠳᠤᠷᠢᠳᠬᠤ | ᠪᠠᠭ ᠲᠤ ᠲᠤᠬᠢᠷᠠᠭᠤᠯᠤᠯᠳᠠ ᠬᠢᠪᠡ᠂ ᠱᠢ ᠵᠢᠢ ᠹᠠ ᠨᠠᠮ ᠤᠨ ᠬᠤᠷᠢᠶᠠᠨ ᠤ ᠱᠦᠵᠢ ᠶᠢᠨ ᠲᠤᠰᠢᠶᠠᠯ ᠢ ᠡᠭᠦᠷᠭᠡᠯᠡᠵᠦ᠂ | ᠰᠢᠦᠢ ᠮᠤᠤ ᠬᠤᠪᠢᠰᠬᠠᠯ ᠤᠨ ᠵᠦᠪᠯᠡᠯ ᠤᠨ ᠡᠷᠬᠢᠯᠡᠭᠴᠢ ᠶᠢᠨ ᠲᠤᠰᠢᠶᠠᠯ ᠢ ᠡᠭᠦᠷᠬᠡᠯᠡᠪᠡ᠃ | 4 ᠰᠠᠷ᠎ᠠ ᠶᠢᠨ 22 ᠤᠨ ᠡᠳᠦᠷ᠂ ᠤᠯᠤᠰ ᠤᠨ ᠲᠦᠯᠤᠪᠯᠠᠭᠡᠡ ᠤ ᠵᠦᠪᠯᠠᠯ ᠠᠴᠠ ᠤᠳᠠ ᠶᠢᠨ ᠴᠠᠬᠢᠯᠭᠠᠨ ᠤ | ᠦᠢᠯᠡᠳᠪᠦᠷᠢ ᠶᠢᠨ 2×2.5 ᠲᠦᠮᠡᠨ ᠺᠢᠯᠤᠸᠠᠲ ᠶᠢᠨ ᠴᠤᠭᠴᠠᠯᠠᠪᠤᠷᠢ ᠶᠢ ᠦᠷᠭᠡᠳᠬᠡᠨ ᠪᠠᠶᠢᠭᠤᠯᠬᠤ ᠲᠦᠯᠦᠪᠯᠡᠭᠡ | ᠶᠢ ᠵᠦᠪᠰᠢᠶᠡᠷᠡᠵᠦ᠂ ᠤᠳᠠ ᠶᠢᠨ ᠴᠠᠬᠢᠯᠭᠠᠨ ᠦᠢᠯᠡᠳᠪᠦᠷᠢ ᠶᠢᠨ ᠦᠷᠭᠡᠳᠭᠡᠨ ᠪᠠᠶᠢᠭᠤᠯᠬᠤ ᠪᠠᠷᠢᠯᠭ᠎ᠠ ᠡᠬᠢᠯᠡᠪᠡ᠃ | ᠲᠤᠰ ᠰᠠᠷ᠎ᠠ᠂ ᠦᠬᠠᠢ ᠬᠤᠳᠠ ᠶᠢᠨ ᠰᠢᠭᠤᠳ ᠬᠠᠷᠢᠶ᠎ᠠ ᠪᠠᠶᠢᠭᠤᠯᠭ᠎ᠠ ᠠᠴᠠ ᠪᠤᠷᠤᠭᠤᠰᠢᠶᠠᠨ ᠰᠢᠭᠦᠮᠵᠢᠯᠡᠬᠦ | ᠬᠤᠷᠠᠯ ᠬᠤᠷᠠᠯᠳᠣᠵᠤ᠂ ︽ᠲᠦᠷᠪᠡᠨ ᠬᠦᠮᠦᠨ ᠤ ᠪᠦᠯᠦᠭ︾ ᠤᠨ ᠠᠶᠢᠮᠠᠭ ᠪᠦᠯᠣᠭ᠌ ᠤᠨ ᠰᠢᠰᠲ᠋ᠧᠮ ᠠᠴᠠ ᠪᠦᠬᠦ | ᠬᠤᠳᠠ ᠶᠢᠨ ᠠᠵᠢᠯ ᠢ ᠬᠠᠷᠰᠢᠯᠠᠨ ᠡᠪᠳᠡᠭᠰᠡᠨ ᠶᠠᠯᠠᠲᠤ ᠠᠵᠢᠯᠯᠠᠭ᠎ᠠ ᠳᠤ ᠪᠤᠷᠤᠭᠤᠰᠢᠶᠠᠨ ᠰᠢᠭᠦᠮᠵᠢᠯᠡᠯ ᠬᠢᠪᠡ᠃ | 5 ᠰᠠᠷ᠎ᠠ ᠶᠢᠨ 6 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠦᠪᠦᠷ ᠮᠤᠩᠭᠤᠯ ᠤᠨ | ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ | ᠬᠤᠪᠢᠰᠬᠠᠯ ᠤᠨ ᠵᠦᠪᠯᠡᠯ ᠠᠴᠠ ᠬᠠᠶᠢᠷᠣᠪ ᠤᠨ ᠲᠤᠬᠤᠢ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠤ ᠫᠢᠩ | ᠭᠸᠤ ᠨᠡᠭᠦᠷᠡᠰᠦᠨ ᠠᠭᠤᠷᠬᠠᠢ᠂ ᠤᠳᠠ ᠶᠢᠨ ᠠᠭᠤᠷᠬᠠᠢ ᠶᠢᠨ ᠶᠠᠪᠤᠳᠠᠯ ᠤᠨ ᠬᠤᠩ ᠸᠧᠢ ᠨᠡᠭᠦᠷᠡᠰᠦᠨ ᠠᠭᠤᠷᠬᠠᠢ᠂ | ᠦᠪᠦᠷ ᠮᠤᠩᠭᠤᠯ ᠤᠨ ᠬᠤᠶᠠᠳᠣᠭᠠᠷ ᠨᠠᠶᠢᠳᠠᠮ ᠭᠡᠷᠡᠭᠴᠠᠭᠡᠡ ᠤ ᠮᠠᠰᠵᠡ ᠤ ᠤᠵᠵᠯᠠᠤᠠᠪᠤᠷᠢ᠂ ᠪᠤᠭᠤᠲᠤ ᠶᠢᠨ ᠪᠤᠯᠤᠳ | ᠲᠡᠮᠦᠷ ᠤᠨ ᠺᠤᠮᠫᠠᠨᠢ ᠶᠢᠨ ᠴᠤᠬᠤᠢ ᠶᠢᠨ ᠴᠵᠯᠠᠭᠤᠡ ᠠᠭᠤᠷᠬᠠᠢ ᠶᠢ ︽ᠳ᠋ᠠᠴᠢᠩ ᠬᠡᠯᠪᠡᠷᠢ ᠶᠢᠨ ᠠᠵᠤ ᠠᠬᠤᠶᠢᠯᠠᠯ︾ | ᠬᠡᠵᠦ ᠨᠡᠷᠡᠯᠡᠪᠡ᠃ ᠶᠠᠩ ᠶᠦᠩ ᠴᠧᠩ ᠵᠡᠷᠭᠡ ᠬᠦᠮᠦᠰ ᠦᠪᠡᠷᠳᠡᠭᠡᠨ ᠵᠠᠰᠠᠬᠤ ᠤᠷᠤᠨ ᠤ ︽ᠬᠦᠳᠡᠯᠮᠦᠷᠢ ᠶᠢᠨ | ᠵᠢᠱᠢᠶᠡᠴᠢ︾ ᠪᠠᠷ ᠬᠦᠬᠢᠬᠦᠯᠦᠭᠳᠡᠪᠡ᠃ | 6 ᠰᠠᠷ᠎ᠠ ᠶᠢᠨ 1 ᠤ ᠡᠳᠦᠷ᠂ ᠡᠯ᠎ᠡ ᠲᠤᠮᠳᠠᠲᠤ ᠪᠠᠭ᠎ᠠ ᠰᠤᠷᠭᠠᠭᠤᠯᠢ ︽ᠲᠤᠮᠳᠠᠳᠤ ᠤᠯᠤᠰ ᠤᠨ ᠪᠠᠨᠭᠠᠴᠤᠳ | ᠤᠨ ᠬᠤᠰᠵᠭᠤᠴᠢ ᠠᠩᠭᠢ︾ ᠶᠢᠨ ᠵᠤᠬᠢᠶᠠᠨ ᠪᠠᠶᠢᠭᠤᠯᠤᠯᠳᠠ ᠶᠢ ᠰᠡᠷᠭᠦᠭᠡᠵᠦ᠂ ᠪᠠᠭᠠᠴᠤᠳ ᠤᠨ ᠬᠤᠰᠢᠭᠤᠴᠢ ᠠᠩᠭᠢ | ᠶᠢᠨ ᠬᠦᠳᠡᠯᠭᠡᠭᠡᠨ ᠢ ᠰᠡᠷᠭᠦᠭᠡᠵᠦ᠂ ︽ᠤᠯᠠᠭᠠᠨ ᠬᠠᠮᠠᠭᠠᠯᠠᠬᠤ ᠴᠡᠷᠢᠭ︾ ᠬᠢᠭᠡᠳ ︽ᠤᠯᠠᠭᠠᠨ ᠪᠢᠴᠢᠬᠠᠨ ᠴᠡᠷᠢᠭ︾ ᠭᠡᠰᠡᠨ | ᠨᠠᠷᠡᠶᠢᠳᠣᠯ ᠢ ᠬᠦᠴᠦᠨ ᠦᠭᠡᠢ ᠪᠤᠯᠭᠠᠪᠠ᠃ | 8 ᠰᠠᠷ᠎ᠠ ᠶᠢᠨ 23 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠦᠬᠠᠢ ᠬᠤᠳᠠ ᠶᠢᠨ ᠨᠠᠮ | ᠤᠨ ᠬᠤᠷᠢᠶ᠎ᠠ ᠠᠴᠠ ᠪᠦᠬᠦ ᠤᠷᠤᠨ ᠤ ᠤᠳᠠᠰᠤᠳᠤ ᠷᠠᠳ᠋ᠵᠤ᠋ ᠨᠠᠪᠳᠠᠷᠠᠬᠦᠯᠭᠡ ᠶᠢᠨ ᠶᠡᠭᠡ ᠬᠤᠷᠠᠯ ᠬᠤᠷᠠᠯᠳᠣᠵᠣ᠂ | ︽ᠰᠣᠶᠤᠯ ᠤᠨ ᠶᠡᠭᠡ ᠬᠤᠪᠢᠰᠬᠠᠯ︾ ᠤᠨ ᠲᠤᠮᠳᠠᠬᠢ ᠬᠢᠯᠢᠰ᠂ ᠬᠤᠳᠠᠯ᠂ ᠪᠤᠷᠤᠭᠤ ᠬᠡᠷᠡᠭ ᠲᠤ ᠴᠠᠭᠠᠳᠬᠠᠯ ᠬᠢᠵᠦ᠂ | ᠬᠤᠤᠷ ᠠᠮᠰᠠᠭᠰᠠᠳ ᠤᠨ ᠨᠡᠷ᠎ᠡ ᠬᠦᠨᠲᠤ ᠶᠢ ᠰᠡᠷᠭᠦᠭᠡᠪᠡ᠃ | ▲ᠲᠤᠮᠳᠠᠲᠤ ᠤᠯᠤᠰ ᠤᠨ ᠡᠪ ᠬᠠᠮᠲᠤ ᠨᠠᠮ ᠤᠨ ᠦᠬᠠᠢ ᠬᠤᠳᠠ ᠶᠢᠨ ᠨᠠᠮ ᠤᠨ ᠬᠤᠷᠢᠶ᠎ᠠ ᠤᠳᠠ ᠳᠤ | ᠶᠡᠭᠡ ᠬᠤᠷᠠᠯ ᠬᠤᠷᠠᠯᠳᠤᠵᠦ᠂ ︽ᠶᠦᠩ ᠬᠤᠩ ᠪᠠᠭ᠎ᠠ ᠰᠣᠷᠭᠠᠭᠤᠯᠢ ᠶᠢᠨ ᠭᠡᠷᠡᠭ︾ ᠲᠤ ᠴᠠᠭᠠᠳᠬᠠᠯ ᠬᠢᠪᠡ᠃ | 1979 ᠤᠨ᠄ | 2 ᠰᠠᠷ᠎ᠠ ᠶᠢᠨ 19 ᠤ ᠡᠳᠦᠷ᠂ ᠬᠠᠳᠣᠨ ᠭᠤᠤᠯ ᠤᠨ ᠬᠤᠸᠠᠩ ᠪᠠᠢ ᠽᠢ ᠶᠢᠨ ᠬᠡᠰᠡᠭ ᠬᠠᠶᠢᠯᠠᠵᠤ᠂ ᠨᠢᠭᠡ | ᠬᠡᠰᠡᠭ 50 ᠮᠧᠲᠷ ᠦᠷᠭᠡᠨ ᠰᠦᠩ ᠵᠤᠭᠰᠣᠭᠠᠯ ᠳᠤ ᠪᠠᠶᠢᠭᠰᠠᠨ ᠭᠤᠷᠪᠠᠨ ᠤᠩᠭᠤᠴᠠ ᠶᠢ ᠲᠠᠭᠠᠷᠢᠵᠤ᠂ ᠤᠩᠭᠤᠴᠠᠨ | ᠪᠠᠶ᠎ᠡ ᠵᠢᠴᠢ ᠤᠩᠭᠤᠴᠠᠨ ᠤ ᠮᠠᠰᠢᠨ ᠢ ᠵᠤᠬᠢᠬᠤ ᠬᠡᠪᠴᠢᠶ᠎ᠡ ᠪᠠᠷ ᠡᠪᠳᠡᠪᠡ᠃ | ᠲᠤᠰ ᠰᠠᠷ᠎ᠠ᠂ ᠰᠦᠬᠡ ᠦᠬᠠᠢ ᠬᠤᠳᠠ ᠶᠢᠨ ᠨᠠᠮ ᠬᠤᠷᠢᠶᠠᠨ ᠤ ᠨᠢᠭᠡᠳᠦᠭᠡᠷ ᠱᠦᠵᠢ ᠶᠢᠨ ᠲᠤᠰᠢᠶᠠᠯ ᠢ | ᠡᠭᠦᠷᠭᠡᠯᠡᠪᠡ᠃ | 3 ᠰᠠᠷ᠎ᠠ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠤᠳᠠ ᠶᠢᠨ ᠨᠠᠮ ᠤᠨ ᠬᠤᠷᠢᠶ᠎ᠠ ᠣᠳᠠ ᠣᠷᠣᠨ ᠤ | ︽ᠤᠯᠠᠭᠠᠨᠬᠦᠦ ᠶᠢᠨ ᠨᠠᠮ ᠢ ᠡᠰᠡᠷᠭᠦᠴᠡᠵᠦ ᠤᠯᠤᠰ ᠠᠴᠠ ᠣᠷᠪᠠᠭᠰᠠᠨ ᠪᠦᠯᠦᠭᠯᠡᠯ︾ ︽ᠦᠪᠦᠷ ᠮᠤᠩᠭᠤᠯ ᠤᠨ | ᠬᠤᠶᠠᠳᠣᠭᠠᠷ ᠰᠠᠷ᠎ᠠ ᠶᠢᠨ ᠰᠦᠷᠬᠡᠤ ᠤᠷᠣᠰᠬᠠᠯ︾ ︽ᠰᠢᠨ᠎ᠡ ᠦᠪᠦᠷ ᠠᠷᠠᠳ ᠤᠨ ᠨᠠᠮ︾ ᠵᠡᠷᠭᠡ ᠭᠤᠷᠪᠠᠨ ᠶᠡᠭᠡ | ᠬᠢᠯᠢᠰ᠂ ᠬᠤᠳᠠᠯ᠂ ᠪᠤᠷᠤᠭᠤ ᠬᠡᠷᠡᠭ ᠲᠤ ᠴᠠᠭᠠᠳᠬᠠᠯ ᠬᠢᠬᠦ ᠶᠡᠭᠡ ᠬᠤᠷᠠᠯ ᠬᠤᠷᠠᠯᠳᠣᠪᠠ᠃ | 4 ᠰᠠᠷ᠎ᠠ ᠶᠢᠨ 1 ᠤ ᠡᠳᠦᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ | ᠠᠴᠠ ᠣᠳᠠ ᠶᠢᠨ ᠵᠠᠰᠠᠭ ᠠᠵᠤ ᠠᠬᠤᠶᠢᠯᠠᠯ ᠬᠠᠮᠲᠤᠷᠠᠭᠰᠠᠨ ᠪᠠᠶᠢᠭᠤᠯᠤᠮᠵᠢ ᠶᠢ ᠦᠭᠡᠷᠡᠴᠢᠯᠡᠬᠦ ᠶᠢ ᠵᠦᠪᠰᠢᠶᠡᠷᠡᠵᠦ᠂ | ᠤᠳᠠ ᠶᠢᠨ ᠬᠡᠷᠡᠭ ᠡᠷᠬᠢᠯᠡᠬᠦ ᠭᠠᠵᠠᠷ ᠪᠤᠯᠤᠨ ᠤᠳᠠ ᠶᠢᠨ ᠠᠭᠤᠷᠬᠠᠢ ᠶᠠᠪᠤᠳᠠᠯ ᠤᠨ ᠲᠤᠪᠴᠢᠶ᠎ᠠ ᠶᠢ ᠰᠡᠷᠭᠦᠭᠡᠪᠡ᠃ | ᠸᠠᠩ ᠱᠸᠤ ᠴᠢ ᠤᠳᠠ ᠶᠢᠨ ᠬᠡᠷᠡᠭ ᠡᠷᠬᠢᠯᠡᠬᠦ ᠭᠠᠵᠠᠷ ᠤᠨ ᠨᠠᠮ ᠤᠨ ᠬᠤᠷᠢᠶᠠᠨ ᠤ ᠱᠦᠵᠢ᠂ ᠬᠡᠷᠡᠭ ᠡᠷᠬᠢᠯᠡᠬᠦ ᠭᠠᠵᠠᠷ | ᠤᠨ ᠤᠷᠤᠯᠠᠭᠴᠢ ᠡᠷᠭᠢᠯᠡᠭᠴᠢ ᠶᠢᠨ ᠲᠤᠰᠢᠶᠠᠯ ᠢ ᠡᠭᠦᠷᠭᠡᠯᠡᠪᠡ᠃ ᠱᠢ ᠵᠢᠢ ᠹᠠ ᠤᠳᠠ ᠶᠢᠨ ᠠᠭᠤᠷᠬᠠᠢ ᠶᠢᠨ | ᠲᠤᠪᠴᠢᠶᠠᠨ ᠤ ᠨᠠᠮ ᠤᠨ ᠡᠭᠦᠷ ᠤᠨ ᠱᠦᠵᠢ ᠶᠢᠨ ᠲᠤᠰᠢᠶᠠᠯ ᠢ ᠡᠭᠦᠷᠭᠡᠯᠡᠵᠦ᠂ ᠰᠢᠦᠢ ᠮᠤᠤ ᠬᠤᠪᠢᠰᠬᠠᠯ ᠤᠨ ᠵᠦᠪᠯᠡᠯ | ᠤᠨ ᠡᠷᠭᠢᠯᠡᠭᠴᠢ ᠶᠢᠨ ᠲᠤᠰᠢᠶᠠᠯ ᠢ ᠡᠭᠦᠷᠭᠡᠯᠡᠪᠡ᠃ | 4 ᠰᠠᠷ᠎ᠠ ᠶᠢᠨ 16 ᠤ ᠡᠳᠦᠷ᠂ ᠦᠬᠠᠢ ᠬᠤᠳᠠ ᠶᠢᠨ ᠦᠨᠳᠦᠰᠦᠳᠡᠨ ᠤ ᠲᠤᠮᠲᠠᠲᠤ ᠰᠤᠷᠭᠠᠭᠤᠯᠢ | ᠪᠠᠶᠢᠭᠤᠯᠤᠭᠳᠠᠪᠠ᠃ | 4 ᠰᠠᠷ᠎ᠠ ᠶᠢᠨ 26 ᠤ ᠡᠳᠦᠷ᠂ ᠲᠤᠮᠳᠠᠳᠤ ᠤᠯᠤᠰ ᠤᠨ ᠡᠪ ᠬᠠᠮᠳᠤ ᠶᠤᠰᠤᠡ ᠤ ᠵᠠᠯᠠᠭᠤᠴᠤᠤᠡ ᠤᠨ ᠡᠪᠯᠠᠯ | ᠤᠨ ᠦᠬᠠᠢ ᠬᠤᠳᠠ ᠶᠢᠨ ᠠᠩᠬᠠᠳᠤᠭᠠᠷ ᠤᠳᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠬᠤᠷᠠᠯᠳᠣᠪᠠ᠃ ᠡᠪ | ᠬᠠᠮᠳᠤ ᠶᠤᠰᠤᠡ ᠤ ᠵᠠᠯᠠᠭᠤᠴᠤᠤᠡ ᠤᠨ ᠡᠪᠯᠠᠯ ᠤᠨ ᠦᠬᠠᠢ ᠬᠤᠳᠠ ᠶᠢᠨ ᠨᠢᠭᠡᠳᠦᠭᠡᠷ ᠬᠤᠭᠤᠴᠠᠭᠠᠨ ᠤ ᠬᠡᠰᠢᠭᠦᠳ ᠢ | ᠰᠣᠩᠭᠤᠨ ᠭᠠᠷᠭᠠᠪᠠ᠃ ᠶᠢ ᠶᠢᠩ ᠡᠪ ᠬᠠᠮᠳᠤ ᠶᠤᠰᠤᠡ ᠤ ᠵᠠᠯᠠᠭᠤᠴᠤᠤᠡ ᠤᠨ ᠡᠪᠯᠠᠯ ᠤᠨ ᠦᠬᠠᠢ ᠬᠤᠳᠠ ᠶᠢᠨ | ᠡᠪᠯᠡᠯ ᠤᠨ ᠱᠦᠵᠢ ᠪᠠᠷ ᠰᠣᠩᠭᠤᠭᠳᠠᠪᠠ᠃ | 6 ᠰᠠᠷ᠎ᠠ ᠶᠢᠨ 4~ 5 ᠤ ᠡᠳᠦᠷ᠂ ᠠᠥ᠋ᠰᠲᠷᠠᠯᠢᠶᠠ ᠶᠢᠨ ᠰᠢᠵᠢᠷ ᠠᠯᠳᠠᠨ ᠤ ᠭᠠᠵᠠᠷ ᠰᠢᠨᠵᠢᠯᠡᠭᠡᠨ ᠤ | ᠪᠠᠶᠢᠴᠠᠭᠠᠬᠤ ᠪᠦᠯᠬᠦᠮ ᠤᠨ 6 ᠬᠦᠮᠦᠨ ᠦᠬᠠᠢ ᠬᠤᠳᠠ ᠶᠢᠨ ᠯᠤᠭᠰᠢᠳᠠᠷ ᠤᠨ ᠭᠤᠤᠯ ᠤᠨ ᠬᠦᠪᠡᠭᠡ ᠪᠤᠯᠤᠨ ᠡᠯ | ᠳ᠋ᠣᠣ ᠺᠠᠨ ᠤ ᠭᠤᠤᠯ ᠤᠨ ᠬᠥᠪᠡᠭᠡᠨ ᠳᠤ ᠪᠠᠶᠢᠴᠠᠭᠠᠯᠳᠠ ᠬᠢᠪᠡ᠃ | 9 ᠰᠠᠷ᠎ᠠ ᠶᠢᠨ 3 ᠤ ᠡᠳᠦᠷ᠂ ᠲᠤᠮᠳᠠᠲᠤ ᠤᠯᠤᠰ ᠤᠨ ᠡᠪ ᠬᠠᠮᠲᠤ ᠨᠠᠮ ᠤᠨ ᠦᠬᠠᠢ ᠬᠤᠳᠠ ᠶᠢᠨ ᠨᠠᠮ ᠤᠨ | ᠬᠤᠷᠢᠶᠠᠨ ᠤ ᠰᠡᠭᠢᠯᠭ᠎ᠠ ᠪᠡᠳᠦ ᠪᠡᠶᠢᠴᠡᠭᠠᠬᠤ ᠭ᠋ᠤᠷᠢᠶᠡ ᠪᠠᠶᠢᠭᠤᠯᠤᠭᠳᠠᠪᠠ᠂ ᠬᠤᠳᠠ ᠶᠢᠨ ᠨᠠᠮ ᠤᠨ ᠬᠤᠷᠢᠶᠠᠨ ᠤ | ᠱᠦᠵᠢ ᠶᠠᠩ ᠯᠢ ᠱᠧᠩ ᠱᠦᠵᠢ ᠶᠢᠨ ᠲᠤᠰᠢᠶᠠᠯ ᠢ ᠬᠠᠪᠰᠣᠷᠭᠠᠨ ᠡᠭᠦᠷᠭᠡᠯᠡᠪᠡ᠃ | 12 ᠰᠠᠷ᠎ᠠ ᠶᠢᠨ 20~ 24 ᠤ ᠡᠳᠦᠷ᠂ ᠦᠬᠠᠢ ᠬᠤᠳᠠ ᠶᠢᠨ ᠨᠢᠭᠡᠳᠦᠭᠡᠷ ᠬᠤᠭᠤᠴᠠᠭᠠᠨ ᠤ ᠡᠮᠡᠭᠳᠡᠶᠢᠴᠦᠳ | ᠤᠨ ᠲᠦᠯᠦᠭᠡᠯᠡᠭᠴᠢᠳ ᠤᠨ ᠶᠡᠭᠡ ᠬᠤᠷᠠᠯ ᠬᠤᠷᠠᠯᠳᠣᠪᠠ᠂ ᠶᠡᠭᠡ ᠬᠤᠷᠠᠯ ᠠᠴᠠ ᠦᠬᠠᠢ ᠬᠤᠳᠠ ᠶᠢᠨ ᠨᠢᠭᠡᠳᠦᠭᠡᠷ | ᠬᠤᠭᠤᠴᠠᠭᠠᠨ ᠤ ᠡᠮᠡᠭᠳᠡᠶᠢᠴᠣᠳ ᠤᠨ ᠬᠤᠯᠪᠤᠭᠠᠲᠤ ᠬᠤᠷᠠᠯ ᠤᠨ ᠭᠦᠢᠴᠡᠳᠬᠡᠬᠦ ᠬᠡᠰᠢᠭᠦᠳ ᠢ ᠰᠣᠩᠭᠤᠨ ᠭᠠᠷᠭᠠᠪᠠ᠃ | ᠰᠢᠤᠸᠡᠢ ᠭᠦᠢ ᠹᠧᠨ ᠬᠤᠳᠠ ᠶᠢᠨ ᠡᠮᠡᠭᠳᠡᠶᠢᠴᠣᠳ ᠤᠨ ᠬᠤᠯᠪᠤᠭᠠᠲᠤ ᠬᠤᠷᠠᠯ ᠤᠨ ᠡᠷᠭᠢᠯᠡᠭᠴᠢ ᠪᠠᠷ ᠰᠣᠩᠭᠤᠭᠳᠠᠪᠠ᠃ | | ᠲᠤᠰ ᠰᠠᠷ᠎ᠠ᠂ ᠦᠬᠠᠢ ᠬᠤᠳᠠ ᠶᠢᠨ ᠴᠤᠭᠯᠠᠭ᠎ᠠ ᠮᠠᠶᠢᠮᠠᠢ ᠶᠢᠨ ᠵᠠᠬ᠎ᠠ ᠲᠡᠯᠭᠡᠭᠦᠷ ᠨᠡᠭᠡᠭᠡᠭᠳᠡᠪᠡ᠂ ᠤᠳᠠ | ᠲᠤᠭᠤᠷᠢᠭ ᠤᠨ ᠵᠢᠶᠤᠤ ᠽᠢ ᠭᠸᠣ᠂ ᠰᠤᠬᠠᠶᠢᠲᠤ᠂ ᠪᠠᠶᠠᠨᠰᠠᠶᠢᠨ᠂ ᠬᠠᠶᠢᠨᠠᠨ ᠲᠤᠭᠤᠷᠢᠭ ᠤᠨ ᠬᠦᠬᠤᠰᠤ᠂ ᠯᠤᠭᠰᠢᠳᠠᠷ᠂ | ᠷᠠᠰᠠᠩ ᠰᠦᠮ᠎ᠡ ᠪᠤᠯᠤᠨ ᠬᠠᠶᠢᠷᠣᠪ ᠤᠨ ᠲᠤᠬᠤᠢ ᠳᠤ ᠲᠤᠰ ᠲᠤᠰ ᠴᠡᠭ ᠪᠠᠶᠢᠭᠤᠯᠪᠠ᠃ | ▲ ᠬᠠᠶᠢᠷᠣᠪ ᠤᠨ ᠲᠤᠬᠤᠢ ᠶᠢᠨ ᠣᠰᠣ ᠲᠠᠲᠠᠬᠤ ᠦᠷᠳᠡᠭᠡ ᠪᠠᠶᠢᠭᠤᠯᠤᠭᠳᠠᠵᠤ ᠤᠰᠤ ᠲᠠᠲᠠᠵᠤ ᠡᠬᠢᠯᠡᠪᠡ᠃ | ᠲᠤᠰ ᠤᠰᠤ ᠲᠠᠲᠠᠬᠤ ᠦᠷᠳᠡᠭᠡ ᠪᠤᠯ ᠨᠢᠭᠡᠳᠦᠭᠡᠷ ᠲᠡᠰ ᠤᠨ ᠴᠠᠬᠢᠯᠭᠠᠨ ᠬᠦᠴᠦᠨ ᠢᠶᠠᠷ ᠤᠰᠤ ᠲᠠᠲᠠᠵᠤ᠂ ᠤᠷᠤᠰᠬᠠᠯ | ᠤᠨ ᠬᠡᠮᠵᠢᠶ᠎ᠡ ᠨᠢ 1.5 ᠪᠤᠰᠤᠭ᠎ᠠ ᠲᠦᠷᠪᠡᠯᠵᠢᠨ ᠮᠧᠲᠷ / ᠰᠧᠺᠦ᠋ᠨ᠋ᠳ᠋᠂ ᠲᠠᠲᠠᠬᠤ ᠵᠠᠢ 23.5 ᠮᠧᠲᠷ᠂ ᠶᠡᠷᠦᠩᠬᠡᠢ | ᠮᠠᠰᠢᠨ ᠴᠣᠭᠴᠠᠯᠠᠪᠤᠷᠢ ᠶᠢᠨ ᠪᠠᠭᠲᠠᠭᠠᠮᠵᠢ 600 ᠺᠢᠯᠤᠸᠠᠲ᠂ 14 ᠢᠨᠴ ᠶᠢᠨ ᠤᠰᠤᠡ ᠬᠦᠭᠡᠷᠭᠡ 6 ᠣᠭᠰᠠᠷᠠᠵᠤ᠂ | ᠲᠦᠬᠦᠷᠵᠢᠬᠦᠯᠦᠭᠰᠡᠨ ᠭᠤᠤᠯ ᠰᠣᠪᠠᠭ 8 km᠂ 1.4 ᠲᠦᠮᠡᠨ ᠮᠤ᠋ ᠭᠠᠵᠠᠷ ᠲᠠᠷᠢᠶ᠎ᠠ ᠣᠰᠣᠯᠠᠬᠤ ᠴᠢᠳᠠᠮᠵᠢ ᠲᠠᠢ᠃ |