ᠠᠵᠢᠷᠭ᠎ᠠ ᠲᠠᠯᠪᠢᠬᠤ ᠶᠤᠰᠤᠨ
ᠨᠡᠶᠢᠲᠡᠯᠡᠭᠰᠡᠨ ᠴᠠᠭ᠄
2024/7/15
     ᠠᠵᠢᠷᠭ᠎ᠠ ᠲᠠᠯᠪᠢᠬᠤ ︽ᠠᠳᠤᠭᠤᠨ ᠳᠤ ᠠᠵᠢᠷᠭ᠎ᠠ ᠦᠭᠡᠢ ᠪᠤᠯ ᠰᠦᠷᠥᠭ ᠪᠤᠯᠬᠤ ᠦᠭᠡᠢ︾ ᠭᠡᠵᠥ ᠮᠤᠩᠭᠤᠯᠴᠤᠳ ᠶᠠᠷᠢᠳᠠᠭ᠂ ᠠᠵᠢᠷᠭ᠎ᠠ ᠪᠤᠯ ᠠᠳᠤᠭᠤᠨ ᠰᠦᠷᠥᠭ ᠤᠨ ᠮᠠᠩᠯᠠᠢ ᠶᠤᠮ᠂ ᠠᠵᠢᠷᠭ᠎ᠠ ᠴᠢᠨ᠋ᠸ᠎ᠠ᠂ ᠨᠤᠬᠠᠢ ᠠᠴᠠ ᠰᠦᠷᠥᠭ ᠢᠶᠠᠨ ᠬᠠᠮᠠᠭᠠᠯᠠᠳᠠᠭ᠂ ᠪᠡᠶ᠎ᠡ ᠲᠡᠭᠰᠢ᠂ ᠪᠠᠳᠡᠷᠢᠭᠤᠨ᠂ ᠮᠠᠩᠨᠠᠢ ᠲᠡᠨᠢᠭᠡᠷ᠂ ᠰᠠᠮᠰᠨ ᠰᠠᠷᠳᠠᠭᠠᠷ᠂ ᠨᠢᠳᠥ ᠲᠤᠮᠤ᠂ ᠴᠢᠬᠢ ᠤᠷᠳᠤ᠂ ᠬᠦᠵᠦᠬᠦᠥ ᠪᠦᠳᠥᠬᠦᠨ᠂ ᠴᠡᠭᠡᠵᠢ ᠦᠷᠭᠡᠨ᠂ ᠮᠤᠨᠳᠠᠭ᠎ᠠ ᠦᠨᠳᠥᠷ᠂ ᠵᠤ᠋ ᠨᠢᠷᠤᠭᠤ ᠲᠡᠭᠰᠢ᠂ ᠲᠠᠰᠢᠶ᠎ᠠ ᠦᠷᠭᠡᠨ᠂ ᠲᠡᠯ ᠰᠡᠬᠦᠯ ᠰᠢᠬᠢᠬᠦᠥ᠂ ᠭᠡᠪᠡᠯᠢ ᠲᠠᠯᠪᠢᠭᠤᠨ᠂ ᠬᠤᠮᠪᠤᠨ ᠲᠡᠭᠰᠢ᠂ ᠬᠠᠷ᠎ᠠ ᠲᠤᠭᠤᠷᠡᠢ ᠲᠠᠢ᠂ ᠪᠤᠷᠪᠢ ᠲᠡᠨᠢᠭᠡᠷ᠂ ᠰᠠᠭᠭ᠎ᠠ ᠵᠢᠰᠢᠬᠦᠥ ᠪᠣᠰᠤᠭ᠎ᠠ᠂ ᠬᠢᠰᠬᠢᠯᠲᠡ ᠲᠡᠭᠰᠢ᠂ ᠰᠢᠯᠪᠢ ᠪᠦᠳᠥᠬᠦᠨ ᠰᠢᠷᠪᠤᠰᠦᠯᠢᠭ᠂ ᠵᠢᠰᠤ ᠪᠠᠷᠠᠭᠠᠨ ᠵᠡᠷᠭᠡ ᠭᠤᠴᠢ ᠭᠠᠷᠤᠢ ᠰᠢᠨᠵᠢ ᠪᠦᠷᠢᠳᠥᠭᠰᠡᠨ ᠡᠬᠡ ᠡᠴᠢᠬᠡ ᠶᠢᠨ ᠤᠳᠤᠮ ᠰᠠᠶᠢᠲᠠᠢ ᠦᠷᠢᠶ᠎ᠡ ᠪᠠᠷ ᠠᠵᠢᠷᠭ᠎ᠠ ᠲᠠᠯᠪᠢᠳᠠᠭ ᠪᠠᠶᠢᠨ᠎ᠠ᠃      ᠤᠳᠤᠮ ᠤᠭᠰᠢᠯ ᠢ ᠰᠠᠶᠢᠨ ᠮᠡᠳᠡᠬᠦ ᠦᠭᠡᠢ ᠠᠵᠢᠷᠭᠠᠨ ᠳᠤ ᠭᠡᠬᠦᠥ᠂ ᠪᠠᠶᠢᠳᠠᠰᠤ ᠪᠠᠨ ᠨᠡᠶᠢᠯᠡᠬᠦᠯᠬᠦ᠂ ᠲᠡᠶᠢᠮᠥ ᠦᠷᠢᠶ᠎ᠡ ᠪᠠᠷ ᠠᠵᠢᠷᠭ᠎ᠠ ᠲᠠᠯᠪᠢᠬᠤ ᠠᠴᠠ ᠶᠡᠭᠡ ᠪᠤᠯᠭᠤᠮᠵᠢᠯᠠᠳᠠᠭ᠂ ᠠᠵᠢᠷᠭ᠎ᠠ ᠪᠠᠨ ᠤᠯᠠᠨ ᠤᠷᠤᠯᠳᠤᠪᠠᠯ ᠠᠳᠤᠭᠤ ᠦᠭᠡᠢ ᠪᠤᠯᠬᠤ ᠶᠢᠨ ᠰᠢᠨᠵᠢ᠂ ᠠᠪᠠᠭᠠᠢ ᠪᠡᠨ‌ᠤᠯᠠᠨ ᠰᠤᠯᠢᠪᠠᠯ ᠬᠠᠨᠢ ᠦᠭᠡᠢ ᠪᠤᠯᠬᠤ ᠶᠢᠨ ᠰᠢᠨᠵᠢ ᠭᠡᠳᠡᠭ ᠦᠭᠡ ᠴᠤ ᠡᠬᠦᠨ ᠠᠴᠠ ᠭᠠᠷᠤᠭᠰᠠᠨ ᠪᠠᠶᠢᠵᠥ ᠪᠤᠯᠬᠤ ᠶᠤᠮ᠃      ᠠᠵᠢᠷᠭ᠎ᠠ ᠲᠠᠯᠪᠢᠬᠤ ᠳᠤ ᠰᠦ ᠠᠮᠰᠠᠭᠤᠯᠵᠥ᠂ ᠲᠤᠯᠤᠭᠠᠢ᠂ ᠲᠡᠯ᠂ ᠬᠤᠨᠳᠤᠯᠠᠢ ᠤᠷᠤᠭᠤ ᠨᠢ ᠲᠤᠰᠤᠭᠠᠭᠠᠳ᠄      ᠪᠠᠭᠰᠠᠶᠢᠭᠰᠠᠨ ᠲᠡᠯ ᠲᠠᠢ      ᠰᠠᠭᠰᠠᠶᠢᠭᠰᠠᠨ ᠰᠡᠬᠦᠯ ᠲᠠᠢ      ᠦᠷ᠎ᠡ ᠲᠦᠯ ᠤᠯᠠᠨ ᠲᠠᠢ      ᠦᠷᠡᠵᠢᠯ ᠤᠭᠰᠠᠭ᠎ᠠ ᠰᠠᠶᠢᠲᠠᠢ      ᠢᠵᠢᠯ ᠰᠦᠷᠥᠭ ᠳᠡᠭᠡᠨ ᠡᠭᠡᠯᠢᠲᠡᠢ      ᠢᠷᠡᠬᠦ ᠳᠠᠶᠢᠰᠤᠨ ᠳᠤ ᠬᠠᠯᠠᠳᠠᠢ      ᠬᠠᠮᠤᠭ ᠰᠦᠷᠥᠭ ᠳᠡᠭᠡᠨ ᠬᠠᠶᠢᠷᠠᠲᠠᠢ      ᠬᠠᠯᠠᠳᠠᠬᠤ ᠳᠠᠶᠢᠰᠤᠨ ᠳᠤ ᠬᠠᠯᠠᠲᠠᠢ      ᠬᠤᠷᠳᠤᠨ ᠵᠢᠷᠤᠭ᠎ᠠ ᠤᠯᠠᠨ ᠲᠠᠢ      ᠲᠦᠮᠡᠨ ᠰᠦᠷᠥᠭ ᠤᠨ ᠮᠠᠩᠯᠠᠢ ᠪᠤᠯᠤᠭᠠᠷᠠᠢ ᠬᠡᠮᠡᠨ ᠢᠷᠥᠭᠡᠵᠥ ᠠᠵᠢᠷᠭ᠎ᠠ ᠲᠠᠯᠪᠢᠳᠠᠭ ᠪᠠᠶᠢᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号