ᠬᠡᠥᠬᠡᠳ ᠢ ᠵᠢᠯᠤᠭᠤᠳᠤᠨ ᠲᠡᠳᠡᠨ ᠤ ᠲᠤᠷ᠎ᠠ ᠪᠠᠬ᠎ᠠ ᠲᠠᠢ ᠨᠠᠭᠠᠳᠤᠮ ᠪᠤᠶᠤ ᠬᠦᠳᠡᠯᠮᠦᠷᠢ ᠶᠢ ᠨᠢ ᠬᠢᠯᠭᠡᠭᠦ | ᠬᠡᠷᠡᠭᠳᠡᠢ᠂ ᠵᠢᠩᠭᠢᠨᠢ ᠰᠤᠷᠭᠠᠨ ᠬᠦᠮᠦᠵᠢᠯ ᠨᠢ ᠲᠠᠷᠤᠢ ᠬᠡᠥᠬᠡᠳ ᠤᠨ ᠲᠤᠷ᠎ᠠ ᠪᠠᠭ᠋ᠠᠲᠠᠢ ᠨᠠᠭᠠᠳᠤᠮ ᠤᠨ ᠲᠤᠮᠳᠠ ᠠᠴᠠ | ᠲᠡᠳᠡᠨ ᠤ ᠵᠢᠩᠭᠢᠨᠢ ᠤᠶᠤᠨ ᠴᠢᠳᠠᠪᠤᠷᠢ ᠶᠢ ᠨᠢ ᠨᠡᠭᠡᠭᠡᠭᠳᠡᠭᠦᠯᠬᠦ ᠶᠤᠮ᠃ ᠨᠠᠭᠠᠳᠤᠮ ᠲᠤᠭᠯᠠᠭᠠᠮ ᠨᠢ ᠶᠠᠮᠠᠷᠪᠠ ᠠᠮᠢᠳᠠᠨ | ᠳᠤ ᠲᠤᠳᠠᠭᠳᠠᠵᠤ ᠪᠤᠯᠤᠰᠢ ᠦᠭᠡᠢ ᠶᠤᠮ᠃ ᠡᠶᠢᠮᠦ ᠠᠴᠠ ᠪᠢᠳᠡ ᠨᠠᠭᠠᠳᠤᠮ ᠢᠶᠠᠷ ᠲᠠᠮᠵᠢᠨ ᠬᠡᠥᠭᠡᠳ ᠲᠤ ᠲᠤᠥᠷᠠᠬᠢ | ᠮᠡᠳᠦ ᠶᠢᠨ 8 ᠵᠦᠢᠯ ᠤᠨ ᠤᠶᠤᠨ ᠴᠢᠳᠠᠪᠤᠷᠢ ᠶᠢ ᠨᠢ ᠬᠦᠮᠦᠵᠢᠭᠦᠯᠬᠦ ᠬᠡᠷᠡᠭᠳᠡᠢ᠃ | ︵1︶ ᠬᠡᠥᠬᠡᠳ ᠤᠨ ᠲᠤᠳᠤᠷ᠎ᠠ ᠠᠴᠠ ᠪᠠᠨ ᠤᠷᠭᠤᠮᠠᠯ ᠪᠠᠶᠢᠬᠤ ᠮᠡᠳᠡᠷᠡᠯ ᠢᠶᠠᠷ ᠢᠶᠠᠨ ᠲᠡᠯᠡᠬᠡᠢ ᠶᠢᠨ ᠬᠡᠷᠡᠭ | ᠪᠤᠳᠠᠰ ᠢ ᠤᠶᠢᠯᠭᠠᠬᠤ᠃ | ︵2︶ ᠨᠠᠭᠠᠳᠤᠮᠵᠢᠨᠷ ᠲᠠᠮᠵᠢᠨ ᠬᠡᠥᠬᠡᠳᠣᠨ ᠦᠭᠡ ᠬᠡᠯᠡᠯᠭᠡᠵᠢᠨ ᠤᠷ᠎ᠠ ᠴᠢᠳᠠᠪᠤᠷᠢᠵᠢ ᠨᠢ ᠪᠤᠯᠪᠠᠰᠤᠷᠠᠬᠤ᠃ | ︵3︶ ᠨᠠᠭᠠᠳᠤᠮ ᠤᠨ ᠳᠠᠷᠤᠮᠲᠠ ᠪᠤᠳᠠᠳᠤ ᠠᠰᠠᠭᠤᠳᠠᠯ ᠳᠤ ᠬᠠᠨᠳᠤᠬᠤ ᠯᠤᠭᠢᠭ ᠰᠡᠳᠭᠢᠭᠦᠢ ᠶᠢ ᠨᠢ | ᠬᠦᠮᠦᠵᠢᠭᠦᠯᠬᠦ᠃ | ︵4︶ ᠨᠠᠭᠠᠳᠤᠮ ᠤᠨ ᠲᠤᠮᠳᠠ ᠡᠯ᠎ᠡ ᠡᠷᠭᠡᠳᠡᠨ ᠢᠶᠠᠨ ᠵᠢᠭᠳᠡ ᠪᠠᠷ ᠪᠤᠯᠪᠠᠰᠤᠷᠠᠬᠤ᠃ | ︵5︶ ᠨᠠᠭᠠᠳᠤᠮ ᠤᠨ ᠲᠤᠮᠳᠠ ᠬᠡᠥᠬᠡᠳ ᠤᠨ ᠲᠠᠭᠤᠥ ᠬᠦᠭᠵᠢᠮ ᠤᠨ ᠭᠤᠸ᠎ᠠ ᠰᠠᠶᠢᠬᠠᠨ ᠤ ᠲᠠᠭᠠᠰᠢᠶᠠᠯ ᠢ | ᠤᠯᠭᠤᠬᠤ᠃ | ︵6︶ ᠨᠠᠭᠠᠳᠤᠮ ᠤᠨ ᠶᠠᠪᠤᠴᠠ ᠳᠤ ᠬᠡᠥᠬᠡᠳ ᠤᠨ ᠬᠦᠮᠦᠰ ᠤᠨ ᠬᠤᠭᠤᠷᠤᠨᠳᠤᠬᠢ ᠬᠠᠷᠢᠯᠴᠠᠭ᠎ᠠ ᠶᠢ ᠪᠤᠢ | ᠪᠤᠯᠭᠠᠬᠤ᠃ | ︵7︶ ᠨᠠᠭᠠᠳᠤᠮ ᠤᠨ ᠲᠤᠮᠳᠠ ᠬᠡᠥᠬᠡᠳ ᠤᠨ ᠥᠪᠡᠷᠮᠢᠴᠡ ᠰᠠᠶᠢᠨ ᠰᠠᠶᠢᠬᠠᠨ ᠤᠶᠤᠨ ᠴᠢᠳᠠᠪᠤᠷᠢ ᠪᠠᠨ | ᠪᠠᠳᠠᠷᠠᠭᠤᠯᠬᠤ᠃ | ︵8︶ ᠶᠡᠭᠡ ᠪᠠᠶᠢᠭᠠᠯᠢ ᠶᠢᠨ ᠲᠤᠮᠳᠠ ᠬᠡᠥᠬᠡᠳ ᠤᠨ ᠠᠵᠢᠭᠯᠠᠨ ᠪᠠᠶᠢᠴᠠᠭᠠᠬᠤ ᠴᠢᠳᠠᠪᠤᠷᠢ ᠶᠢ ᠬᠦᠮᠦᠵᠢᠭᠦᠯᠬᠦ᠃ | ᠲᠡᠭᠡᠷᠡᠬᠢ ᠮᠡᠳᠦ ᠪᠠᠷ ᠬᠡᠥᠭᠡᠳ ᠲᠤ ᠨᠠᠭᠠᠳᠤᠮ ᠢᠶᠠᠷ ᠲᠠᠮᠵᠢᠨ ᠤᠶᠤᠨ ᠰᠠᠨᠠᠭ᠎ᠠ ᠶᠢ ᠨᠢ ᠪᠠᠶᠠᠷ ᠪᠠᠶᠠᠰᠬᠤᠯᠠᠩ | ᠲᠠᠢ ᠪᠠᠶᠢᠯᠭᠠᠨ᠂ ᠪᠠᠶᠠᠷ ᠪᠠᠶᠠᠰᠬᠤᠯᠠᠩ ᠲᠠᠢ ᠰᠤᠷᠤᠯᠴᠠᠭᠤᠯᠬᠤ ᠬᠡᠷᠡᠭᠳᠡᠢ ᠪᠠᠰᠠ ᠨᠠᠭᠠᠳᠤᠮ ᠢᠶᠠᠷ ᠲᠠᠮᠵᠢᠨ᠂ ᠬᠡᠥᠬᠡᠳ | ᠤᠨ ᠤᠶᠤᠨ ᠴᠢᠳᠠᠪᠤᠷᠢ ᠶᠢ ᠨᠢ ᠨᠡᠭᠡᠭᠡᠭᠳᠡᠭᠦᠯᠬᠦ ᠬᠡᠷᠡᠭᠳᠡᠢ᠃ ᠭᠡᠷ ᠤᠨ ᠠᠬᠠᠮᠠᠳ᠂ ᠦᠪᠡᠷ ᠤᠨ ᠪᠤᠰᠤ ᠠᠵᠢᠯ | ᠬᠦᠳᠡᠯᠮᠦᠷᠢ ᠪᠠᠨ ᠲᠦᠷ ᠲᠠᠯᠪᠢᠵᠤ ᠪᠠᠶᠢᠭᠠᠳ᠂ ᠵᠤᠬᠢᠬᠤ ᠬᠡᠮᠵᠢᠶᠡᠨ ᠤ ᠴᠠᠭ ᠬᠤᠭᠤᠴᠠᠭ᠎ᠠ ᠵᠠᠷᠤᠴᠠᠭᠤᠯᠵᠤ ᠵᠠᠪᠠᠯ | ᠬᠡᠥᠬᠡᠳ ᠲᠠᠢ ᠪᠠᠨ ᠬᠠᠮᠳᠤ ᠪᠠᠷ ᠲᠡᠳᠡᠨ ᠤ ᠨᠠᠭᠠᠳᠤᠮ ᠲᠤᠭᠯᠠᠭᠠᠮ ᠳᠤ ᠤᠷᠤᠯᠴᠠᠵᠤ᠂ ᠵᠠᠪᠠᠯ ᠪᠤᠳᠠᠳᠤ ᠨᠠᠭᠠᠳᠤᠮ ᠤᠨ | ᠶᠠᠪᠤᠴᠠ ᠳᠤ ᠬᠡᠥᠬᠡᠳ ᠤᠨ ᠢᠶᠠᠨ ᠤᠷ᠎ᠠ ᠠᠪᠢᠶᠠᠰ᠂ ᠲᠤᠷ᠎ᠠ ᠪᠠᠬ᠎ᠠ᠂ ᠲᠠᠪᠠᠭᠤᠯᠢᠭ ᠲᠠᠯ᠎ᠠ ᠬᠢᠭᠡᠳ ᠪᠠᠭᠤᠷᠠᠢ ᠲᠠᠯ᠎ᠠ ᠶᠢ | ᠨᠢ ᠤᠶᠢᠯᠭᠠᠨ ᠠᠪᠴᠤ᠃ ᠪᠠᠰᠠ ᠬᠡᠥᠬᠡᠳ ᠲᠠᠢ ᠪᠠᠨ ᠬᠠᠮᠳᠤ ᠶᠢᠨ ᠨᠠᠭᠠᠳᠤᠮ ᠲᠤᠭᠯᠠᠭᠠᠮ ᠢᠶᠠᠷ ᠲᠠᠮᠵᠢᠨ ᠬᠡᠥᠬᠡᠳ | ᠤᠨ ᠢᠶᠠᠨ ᠬᠤᠭᠤᠷᠤᠨᠳᠤᠬᠢ ᠵᠢᠩᠭᠢᠨᠢ ᠬᠠᠷᠢᠴᠠᠭ᠎ᠠ ᠬᠤᠯᠪᠤᠭ᠎ᠠ ᠵᠢᠴᠢ ᠬᠠᠶᠢᠷ᠎ᠠ ᠰᠡᠳᠬᠢᠯ ᠢᠶᠠᠨ ᠤᠯᠠᠮ ᠴᠢᠩᠭᠠᠳᠬᠠᠵᠤ | ᠪᠤᠯᠤᠨ᠎ᠠ᠃ |