ᠪᠠᠭ᠋ᠠᠷᠤᠯ ᠢ ᠲᠠᠳᠠᠭᠰᠠᠨ ᠤᠷᠢᠬᠠᠨ ᠬᠠᠪᠤᠷ ᠤᠨ ᠤᠯᠠᠷᠢᠯ ᠳᠤ ᠬᠦᠮᠦᠰ ᠶᠡᠷᠦ ᠨᠢ ᠪᠡᠶ᠎ᠡ ᠨᠢ ᠶᠠᠳᠠᠷᠠᠵᠤ | ᠵᠦᠳᠡᠷᠡᠭᠡᠳ᠂ ᠴᠤᠭ ᠰᠦᠯᠳᠡ ᠠᠨᠠᠢ᠂ ᠨᠤᠶᠢᠷᠮᠤᠭᠯᠠᠵᠤ ᠦᠷᠭᠡᠯᠡᠬᠦ ᠪᠠᠶᠢᠳᠠᠯ ᠵᠦᠡᠭᠳᠡᠭᠡᠨ ᠪᠠᠶᠢᠳᠠᠭ ᠰᠠᠨ᠃ ᠤᠴᠢᠷ ᠨᠢ | ᠬᠠᠪᠤᠷ ᠪᠤᠯᠬᠤ ᠳᠤ ᠴᠠᠭ ᠠᠭᠤᠷ ᠡᠳᠦᠷ ᠢᠷᠡᠭᠦᠶ᠎ᠡ ᠲᠤᠯᠠᠭᠠᠷᠠᠬᠤ ᠲᠤᠯᠠ ᠬᠦᠮᠦᠨ ᠤ ᠪᠡᠶ᠎ᠡ ᠶᠢᠨ ᠠᠷᠠᠰᠤᠨ ᠤ | ᠲᠤᠥᠷᠠᠬᠢ ᠵᠢᠵᠢᠭ ᠴᠢᠰᠤᠨ ᠰᠤᠳᠠᠯ ᠲᠡᠯᠡᠭᠳᠡᠵᠤ᠂ ᠴᠢᠰᠦ ᠪᠡᠶ᠎ᠡ ᠶᠢᠨ ᠭᠠᠳᠠᠷ ᠲᠠᠪᠬᠤᠷᠭ᠎ᠠ ᠪᠠᠷ ᠢᠯᠷᠭᠦᠥ ᠲᠠᠷᠬᠠᠳᠠᠭ | ᠠᠴᠠ ᠶᠡᠭᠡ ᠲᠠᠷᠢᠬᠢᠨ ᠤ ᠨᠡᠭᠡᠳᠡᠰᠦ ᠶᠢᠨ ᠴᠢᠰᠤᠨ ᠤ ᠬᠠᠨᠭ᠍ᠭᠠᠯᠳᠠ ᠬᠠᠷᠢᠴᠠᠩᠭᠤᠢ ᠪᠠᠷ ᠪᠠᠭ᠎ᠠ ᠪᠤᠯᠤᠭᠰᠠᠨ ᠠᠴᠠ | ᠪᠤᠯᠤᠭᠰᠠᠨ ᠶᠤᠮ᠃ ᠲᠡᠭᠡᠪᠡᠯ ᠡᠨᠡᠬᠦ ᠪᠠᠶᠢᠳᠠᠯ ᠢ ᠬᠡᠷᠬᠢᠨ ᠲᠡᠪᠴᠢᠬᠦ ᠪᠤᠢ︖ | ᠨᠢᠭᠡ᠂ ᠡᠷᠳᠡ ᠤᠨᠳᠠᠵᠤ ᠡᠷᠳᠡ ᠪᠤᠰᠬᠤ᠃ ᠶᠡᠷᠦ ᠶᠢᠨ ᠦᠭᠡᠨ ᠳᠤ᠄ ︽ᠡᠷᠳᠡ ᠤᠨᠳᠠᠵᠤ ᠡᠷᠳᠡ ᠤᠨᠳᠠᠪᠠᠯ | ᠴᠤᠭ ᠰᠦᠯᠳᠡ ᠪᠠᠳᠠᠷᠠᠩᠭᠤᠢ︾ ᠭᠡᠳᠡᠭ᠃ ᠤᠨᠴᠤᠭᠠᠶᠢᠯᠠᠨ ᠬᠠᠪᠤᠷ ᠤᠨ ᠦᠳᠡᠰᠢ ᠰᠦᠨᠢᠵᠢᠨ ᠰᠤᠷᠤᠯᠴᠠᠬᠤ ᠶᠢ | ᠴᠡᠭᠡᠷᠯᠡᠵᠤ᠂ ᠪᠠᠰᠠ ᠭᠡᠳᠦᠷᠬᠡᠢ ᠤᠨᠳᠠᠬᠤ ᠦᠭᠡᠢ ᠪᠤᠯᠪᠠᠴᠤ ᠬᠠᠨᠳᠠᠯ᠎ᠠ ᠰᠠᠶᠢᠨ ᠠᠮᠠᠷᠠᠵᠤ ᠪᠡᠶ᠎ᠡ ᠴᠤᠭᠴᠠᠰ ᠤᠨ ᠢᠶᠠᠨ | ᠬᠠᠮᠤᠭ ᠰᠠᠶᠢᠨ ᠬᠤᠷᠴᠠ ᠰᠡᠷᠭᠡᠭ ᠪᠠᠶᠢᠳᠠᠯ ᠢ ᠪᠠᠳᠤᠯᠠᠨ᠎ᠠ᠃ | ᠬᠤᠶᠠᠷ᠂ ᠴᠤᠭ ᠰᠦᠯᠳᠡ ᠪᠠᠨ ᠲᠤᠬᠢᠷᠠᠭᠤᠯᠬᠤ᠃ ᠬᠦᠮᠦᠰ ᠶᠡᠷᠦᠨᠢ ᠤᠷᠳᠤ ᠬᠤᠭᠤᠴᠠᠭ᠎ᠠ ᠪᠠᠷ ᠲᠠᠷᠢᠬᠢ | ᠬᠡᠷᠡᠭᠯᠡᠪᠡᠯ ᠶᠠᠳᠠᠷᠠᠳᠠᠭ ᠲᠤᠯᠠ ᠬᠦᠭᠵᠢᠮ ᠰᠤᠨᠤᠰᠬᠤ ᠪᠤᠶᠤ ᠵᠢᠭᠠᠬᠠᠨ ᠲᠠᠮᠢᠷ ᠬᠢᠵᠤ᠂ ᠡᠰᠡᠭᠦᠯ᠎ᠡ ᠨᠢᠭᠤᠷ ᠪᠠ | ᠴᠢᠮᠠᠷᠬᠠᠢ ᠴᠤᠬᠤ ᠪᠠᠨ ᠢᠯᠡᠬᠦ᠂᠈ ᠪᠠᠰᠠ ᠭᠠᠳᠠᠭᠤᠷ ᠲᠤᠭᠤᠷᠢᠵᠤ ᠰᠢᠨ᠎ᠡ ᠠᠭᠤᠷ ᠠᠮᠢᠰᠬᠤᠯ ᠢ ᠠᠮᠢᠰᠬᠤᠵᠤ ᠪᠤᠯᠤᠨ᠎ᠠ᠃ | ᠭᠤᠷᠪᠠ᠂ ᠪᠡᠶ᠎ᠡ ᠲᠠᠮᠢᠷ ᠤᠨ ᠪᠤᠯᠪᠠᠰᠤᠷᠠᠯ ᠬᠢᠨ᠎ᠡ᠃ ᠡᠷᠳᠡ ᠶᠢᠨ ᠪᠡᠶ᠎ᠡ ᠲᠠᠮᠢᠷ ᠤᠨ ᠪᠤᠯᠪᠠᠰᠤᠷᠠᠯ ᠳᠤ | ᠢᠳᠡᠪᠬᠢᠳᠡᠢ ᠤᠷᠤᠯᠴᠠᠵᠣ ᠶᠡᠭᠡ ᠲᠠᠷᠢᠬᠢᠨ ᠤ ᠰᠤᠷᠠᠭ ᠲᠤᠬᠢᠶ᠎ᠠ ᠶᠢᠨ ᠲᠤᠰᠬᠠᠯ ᠤᠨ ᠬᠤᠷᠳᠤᠴᠠ ᠶᠢ ᠶᠡᠬᠡᠪᠡᠷ | ᠨᠡᠮᠡᠭᠳᠡᠭᠦᠯᠵᠤ᠂ ᠡᠭᠦᠨ ᠠᠴᠠ ᠭᠠᠳᠠᠨ᠎ᠠ ᠲᠦᠪ ᠮᠡᠳᠡᠷᠡᠯ ᠤᠨ ᠰᠢᠰᠲ᠋ᠧᠮ ᠲᠤᠳᠤᠭᠠᠳᠤ ᠱᠦᠭᠦᠷᠡᠯ ᠤᠨ ᠰᠢᠰᠲ᠋ᠧᠮ ᠪᠠ | ᠢᠮᠦᠨ ᠰᠢᠰᠲ᠋ᠧᠮ ᠤᠨ ᠠᠵᠢᠯᠯᠠᠭ᠎ᠠ ᠳᠤ ᠮᠠᠰᠢ ᠰᠠᠶᠢᠨ ᠰᠡᠷᠡᠯᠳᠡ ᠤᠯᠭᠤᠳᠠᠭ ᠠᠴᠠ ᠨᠤᠶᠢᠷᠮᠤᠭᠯᠠᠬᠤ ᠶᠢ ᠲᠠᠶᠢᠯᠬᠤ | ᠰᠠᠶᠢᠨ ᠠᠷᠭ᠎ᠠ ᠮᠦᠨ᠃ |