ᠦᠪᠡᠷ ᠢ ᠪᠠᠨ ᠢᠯᠠᠬᠤ ᠨᠢ ᠬᠠᠮᠤᠭ ᠴᠢᠬᠤᠯᠠ
ᠨᠡᠶᠢᠲᠡᠯᠡᠭᠰᠡᠨ ᠴᠠᠭ᠄
2025/2/11
     ᠡᠷᠳᠡ ᠤᠷᠢᠳᠤ ᠶᠢᠨ ᠴᠠᠭ ᠲᠤ ᠨᠢᠭᠡᠨ ᠪᠠᠶᠠᠨ ᠴᠠᠬᠢᠷᠠᠭ ᠤᠯᠤᠰ ᠢ ᠵᠠᠬᠢᠷᠴᠤ ᠪᠠᠶᠢᠭᠰᠠᠨ ᠨᠢᠭᠡ ᠬᠠᠭᠠᠨ ᠪᠠᠶᠢᠵᠤ ᠭᠡᠨ᠎ᠡ᠂ ᠲᠡᠷᠡ ᠨᠢᠭᠡᠨ ᠤᠳᠠᠭ᠎ᠠ ᠲᠤᠰ ᠤᠯᠤᠰ ᠤᠨ ᠨᠡᠶᠢᠰᠯᠡᠯ ᠠᠴᠠ ᠪᠠᠨ ᠨᠡᠯᠢᠶᠡᠳ ᠬᠤᠯᠠ ᠭᠠᠵᠠᠷ ᠲᠤ ᠶᠠᠪᠠᠭᠠᠨ ᠢᠶᠠᠷ ᠵᠢᠭᠤᠯᠴᠢᠯᠠᠭᠠᠳ ᠲᠦᠢᠯ ᠢᠶᠠᠷ ᠶᠠᠳᠠᠷᠠᠵᠤ ᠭᠡᠨ᠎ᠡ᠂ ᠲᠡᠷᠡ ᠠᠩᠬ᠎ᠠ ᠤᠳᠠᠭ᠎ᠠ ᠢᠩᠭᠢᠵᠤ ᠲᠡᠷᠡᠭᠦ ᠡᠩᠭᠦᠯ ᠲᠤᠩᠬᠤᠯ ᠭᠠᠵᠠᠷ ᠢᠶᠠᠷ ᠬᠤᠯᠠ ᠶᠠᠪᠤᠭᠰᠠᠨ ᠲᠤᠯᠠ ᠲᠡᠭᠦᠨ ᠤ ᠬᠦᠯ ᠨᠢ ᠡᠪᠡᠳᠴᠦ᠂ ᠲᠡᠰᠪᠦᠷᠢᠯᠡᠵᠤ ᠲᠡᠶᠢᠯᠡᠭᠦ ᠦᠭᠡᠢ ᠪᠠᠶᠢᠪᠠ᠂ ᠡᠶᠢᠮᠦ ᠠᠴᠠ ᠡᠨᠡ ᠬᠠᠭᠠᠨ ᠲᠦᠢᠯ ᠢᠶᠠᠷ ᠠᠭᠤᠷᠯᠠᠵᠤ᠂ᠲᠡᠷᠡᠭᠦ ᠤᠯᠠᠮᠵᠢᠯᠠᠯᠳᠤ ᠵᠠᠩ ᠢᠶᠠᠨ ᠲᠠᠷᠤᠵᠤ ᠶᠠᠳᠠᠬᠤ  ᠳᠠᠭᠠᠨ ᠪᠦᠬᠦ ᠤᠯᠤᠰ ᠲᠠᠶᠠᠭᠠᠷ ᠵᠠᠷᠯᠢᠭ ᠪᠠᠭᠤᠯᠭᠠᠵᠤ᠄ ︽ᠪᠦᠬᠦ ᠤᠯᠤᠰ ᠤᠨ ᠠᠷᠠᠳ ᠲᠦᠮᠡᠨ ᠤ ᠶᠠᠪᠤᠬᠤ ᠵᠠᠮ ᠢ ᠪᠦᠷᠢ ᠠᠷᠠᠰᠤ ᠪᠠᠷ ᠲᠡᠪᠢᠰᠬᠦ ᠭᠡᠷᠡᠭᠳᠡᠢ︕︾ ᠭᠡᠪᠡ᠃ ᠡᠨᠡ ᠨᠢ ᠭᠡᠯᠡᠯᠭᠡᠨ ᠦᠭᠡᠢ ᠲᠤᠭ᠎ᠠ ᠲᠤᠮᠤᠰᠢ ᠦᠭᠡᠢ ᠤᠯᠠᠨ ᠠᠷᠠᠰᠤ ᠭᠡᠷᠡᠭᠰᠡᠭᠦ ᠪᠦᠭᠡᠳ ᠬᠢᠵᠠᠭᠠᠷ ᠦᠭᠡᠢ ᠶᠡᠭᠡ ᠵᠤᠭᠤᠰ ᠮᠦᠩᠭᠦ ᠶᠢ ᠵᠠᠷᠴᠠᠭᠤᠯᠬᠤ ᠶᠤᠮ᠃ ᠶᠠᠭ ᠰᠠᠶ᠋ᠢᠬᠠᠨ ᠡᠨᠡ ᠦᠶᠡᠰ ᠲᠤᠰ ᠤᠯᠤᠰ ᠤᠨ ᠨᠢᠭᠡᠨ ᠶᠡᠭᠡ ᠲᠦᠰᠢᠮᠡᠯ ᠦᠪᠡᠷ ᠤᠨ ᠠᠮᠢ ᠨᠠᠰᠤᠨ ᠤ ᠠᠶᠤᠯ ᠲᠦᠭᠰᠢᠭᠦᠷᠢ ᠪᠠᠨ ᠬᠠᠶᠢᠬᠤᠷᠠᠯ ᠦᠭᠡᠢ ᠪᠠᠷ ᠤᠯᠤᠰ ᠤᠨ ᠬᠠᠭᠠᠨ ᠤ ᠡᠮᠦᠨ᠎ᠡ ᠭᠤᠷᠤᠶᠢᠳᠠᠯ᠎ᠠ ᠪᠠᠨ ᠰᠡᠭᠦᠳᠴᠦ᠄ ︽ᠬᠠᠭᠠᠨ ᠦᠷᠦᠰᠢᠶᠡᠮᠦ︖ ᠮᠡᠭᠦᠰ ᠮᠢᠨᠦ ᠦᠵᠡᠭᠦ ᠪᠠᠷ ᠲᠡᠶᠢᠮᠦ ᠤᠯᠠᠨ ᠵᠤᠭᠤᠰ ᠮᠦᠩᠭᠦ ᠶᠢ ᠵᠠᠷᠴᠠᠭᠤᠯᠤᠨ᠎ᠠ ᠤᠤ︖ ᠭᠡᠰᠡᠭ ᠠᠷᠠᠰᠤ ᠪᠠᠶᠢᠪᠠᠯ ᠬᠦᠯ ᠤᠨ ᠤᠯᠠ ᠳᠠᠭᠠᠨ ᠬᠠᠳᠠᠪᠠᠯ ᠲᠠᠷᠤᠢ ᠰᠡᠢᠳᠪᠦᠷᠢᠯᠡᠴᠢᠭᠡᠭᠦ ᠪᠠᠰᠢᠦ︖︾ ᠭᠡᠪᠡ᠃ ᠬᠠᠭᠠᠨ ᠬᠢᠯᠢᠩ ᠢᠶᠠᠨ ᠲᠠᠷᠤᠵᠤ᠂ ᠶᠡᠭᠡ ᠲᠦᠰᠢᠮᠡᠯ ᠤᠨ ᠦᠭᠡ ᠶᠢ ᠰᠤᠨᠤᠰᠤᠭᠠᠳ ᠰᠤᠴᠢᠨ ᠭᠠᠶᠢᠬᠠᠪᠠ᠂ ᠬᠠᠭᠠᠨ ᠵᠠᠯᠭᠠᠭᠠᠳ ᠨᠠᠷᠢᠨ ᠲᠤᠩᠭᠠᠵᠤ ᠨᠢᠭᠳᠠᠯᠠᠨ ᠪᠤᠳᠤᠪᠠᠯ ᠡᠨᠡᠭᠦ ᠲᠦᠰᠢᠮᠡᠯ ᠤᠨ ᠰᠠᠨᠠᠭᠤᠯᠭ᠎ᠠ ᠨᠢ ᠲᠦᠢᠯ ᠤᠨ ᠵᠦᠢᠲᠠᠢ ᠲᠤᠯᠠ᠂ ᠡᠴᠦᠰ ᠲᠡᠭᠡᠨ ᠬᠤᠶᠠᠷ ᠬᠦᠯ ᠳᠡᠭᠡᠨ ᠵᠤᠬᠢᠴᠠᠭᠰᠠᠨ ᠨᠢᠭᠡ ᠵᠦᠢᠷᠠᠢ ᠠᠷᠠᠰᠤ ᠶᠢᠨ ᠱᠠᠬᠠᠢ ᠵᠤᠬᠢᠶᠠᠵᠤ ᠭᠡᠨ᠎ᠡ᠃      ᠦᠪᠡᠷ ᠢ ᠪᠠᠨ ᠢᠯᠠᠬᠤ ᠨᠢ ᠲᠦᠢᠯ ᠤᠨ ᠴᠢᠬᠤᠯᠠ ᠭᠡᠳᠡᠭ ᠢ ᠭᠠᠳᠠᠭᠠᠳᠤ ᠶᠢᠨ ᠰᠤᠷᠭᠠᠨ ᠬᠦᠮᠦᠵᠢᠯ ᠤᠨ ᠲᠤᠷᠰᠢᠯᠠᠭ᠎ᠠ ᠠᠴᠠ ᠮᠡᠳᠡᠵᠤ ᠪᠤᠯᠤᠨ᠎ᠠ᠃ ᠤᠯᠠᠩᠭᠢ ᠲᠠᠪᠰᠢᠭᠰᠠᠨ ᠶᠠᠫᠤᠨ ᠵᠡᠷᠭᠡ ᠭᠠᠳᠠᠭᠠᠳᠤ ᠤᠯᠤᠰ ᠤᠨ ᠭᠡᠷ ᠤᠨ ᠠᠬᠠᠮᠠᠳ ᠭᠡᠥᠭᠡᠳ ᠢᠶᠠᠨ ᠰᠤᠷᠭᠠᠬᠤ ᠳᠠᠭᠠᠨ᠂ ᠵᠠᠪᠠᠯ ᠰᠤᠷᠤᠯᠭ᠎ᠠ ᠶᠢᠨ ᠲᠠᠯ᠎ᠠ ᠪᠠᠷ ᠠᠩᠭᠢ ᠪᠤᠶᠤ ᠰᠤᠷᠭᠠᠭᠤᠯᠢ ᠲᠤᠳᠤᠷ᠎ᠠ ᠪᠠᠨ ᠡᠮᠦᠨ᠎ᠡ ᠭᠡᠳᠦᠨ ᠨᠡᠷᠡᠰ ᠲᠤ ᠭᠢᠯᠠᠷᠠᠭᠤᠯᠬᠤ ᠶᠢ ᠲᠡᠮᠡᠢ ᠴᠢᠬᠤᠯᠴᠢᠯᠠᠬᠤ ᠦᠭᠡᠢ᠂ ᠬᠠᠷᠢᠨ ᠡᠳᠦᠷ ᠪᠦᠷᠢ ᠲᠠᠪᠰᠢᠯᠳᠠ ᠲᠠᠢ᠂ ᠤᠳᠠᠭ᠎ᠠ ᠪᠦᠷᠢ ᠶᠢᠨ ᠰᠢᠯᠭᠠᠯᠳᠠ ᠨᠢ ᠦᠪᠡᠷ ᠢ ᠪᠠᠨ ᠢᠯᠠᠵᠤ᠂ ᠪᠠᠭ᠎ᠠ ᠴᠦ ᠭᠡᠰᠡᠨ ᠠᠯᠬᠤᠮ ᠲᠠᠪᠰᠢᠯᠳᠠ ᠲᠠᠢ ᠪᠠᠶᠢᠬᠤ ᠶᠢ ᠴᠢᠬᠤᠯᠴᠢᠯᠠᠳᠠᠭ᠂ ᠡᠶᠢᠮᠦ ᠠᠴᠠ ᠪᠢᠳᠡ ᠰᠤᠷᠤᠯᠭ᠎ᠠ ᠪᠠᠨ ᠲᠡᠭᠡᠭᠰᠢᠯᠡᠭᠦᠯᠬᠦ ᠪᠤᠶᠤ ᠬᠠᠷᠠᠯᠳᠠ ᠶᠢᠨ ᠢᠶᠠᠨ ᠲᠦᠯᠦᠭᠡ ᠴᠢᠷᠮᠠᠶᠢᠬᠤ ᠳᠤ ᠵᠠᠪᠠᠯ ᠠᠷᠭ᠎ᠠ ᠪᠦᠬᠦᠨ ᠢ ᠰᠦᠪᠡᠭᠴᠢᠯᠡᠨ᠂ ᠰᠢᠨ᠎ᠡ ᠰᠢᠪᠳᠤᠯᠤᠯᠳᠠ  ᠶᠢ ᠡᠭᠦᠳᠭᠦ ᠨᠢ ᠴᠢᠬᠤᠯᠠ ᠶᠤᠮ᠂ ᠭᠡᠪᠡᠴᠦ ᠤᠯᠠᠩᠭᠢ ᠪᠠᠶᠢᠳᠠᠯ ᠤᠨ ᠲᠤᠥᠷ᠎ᠠ ᠵᠠᠪᠠᠯ ᠦᠪᠡᠷ ᠢ ᠪᠠᠨ ᠢᠯᠠᠨ ᠲᠠᠪᠠᠭ᠋ᠤ  ᠨᠢ ᠰᠠᠶ᠋ᠢ ᠲᠦᠢᠯ ᠤᠨ ᠴᠢᠬᠤᠯᠠ ᠭᠡᠳᠡᠭ ᠢ ᠲᠡᠭᠡᠷᠡᠭᠢ ᠤᠯᠤᠰ ᠤᠨ ᠬᠠᠭᠠᠨ ᠤ ᠦᠯᠢᠭᠡᠷ ᠠᠴᠠ ᠰᠡᠩᠭᠡᠷᠡᠨ ᠤᠬᠠᠭᠠᠷᠠᠵᠤ ᠪᠤᠯᠤᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号