ᠦᠨᠡᠨ ᠢᠶᠠᠷ ᠢᠶᠠᠨ ᠶᠠᠪᠤᠪᠠᠯ ᠦᠭᠡᠷ ᠲᠡᠷᠭᠡ ᠪᠠᠷ ᠲᠠᠤᠯᠠᠢ ᠬᠦᠭᠡᠭᠡᠵᠤ ᠬᠦᠢᠴᠡᠨᠠ ᠬᠡᠳᠡᠭ ᠢᠶᠠᠷ ᠨᠢᠭᠡ ᠬᠦᠮᠦᠨ | ᠤ ᠵᠦᠪ ᠰᠡᠳᠬᠢᠯ ᠵᠦᠪ ᠠᠵᠢᠯᠯᠠᠭ᠎ᠠ ᠲᠠᠢ ᠪᠠᠶᠢᠬᠤ ᠨᠢ ᠲᠤᠰ ᠬᠦᠮᠦᠨ ᠵᠢᠴᠢ ᠲᠡᠬᠦᠨ ᠤ ᠭᠡᠷ ᠪᠦᠯᠢ᠂ ᠲᠦᠷᠤᠯ | ᠰᠠᠳᠤᠨ ᠤ ᠠᠵᠢᠯ ᠠᠮᠢᠳᠤᠷᠡᠯ ᠤᠨ ᠴᠢᠨᠠᠷ ᠴᠢᠨᠰᠠᠭ᠎ᠠ ᠶᠢ ᠰᠢᠭᠤᠳ ᠨᠦᠯᠦᠭᠡᠯᠡᠬᠦ ᠶᠢ ᠬᠠᠵᠠᠭᠤ ᠬᠠᠪᠢ ᠳᠤ ᠪᠠᠶᠢᠭ᠎ᠠ | ᠬᠡᠷᠡᠭ ᠶᠠᠪᠤᠳᠠᠯ ᠠᠴᠠ ᠤᠯᠵᠤ ᠬᠠᠷᠠᠨ᠎ᠠ᠃ ᠢᠩᠬᠢᠬᠦ ᠠᠴᠠ ᠮᠠᠨ ᠤ ᠮᠤᠩᠭᠤᠯ ᠦᠨᠳᠤᠰᠤᠳᠠᠨ ᠤ ᠴᠡᠭᠡᠷ ᠰᠤᠷᠭᠠᠯ᠂ | ᠵᠦᠢᠷ ᠰᠡᠴᠠᠨ ᠦᠭᠡᠰ ᠤᠨ ᠡᠴᠢᠨ᠎ᠠ ᠲᠠᠯᠳᠠ ᠤᠬᠠᠭᠠᠨ ᠢ ᠤᠬᠠᠬᠤ ᠶᠢᠨ ᠤᠯᠠᠮ ᠢᠶᠠᠷ ᠮᠤᠩᠭᠤᠯ ᠰᠤᠶᠤᠯ ᠢᠶᠠᠨ | ᠪᠠᠭ᠋ᠠᠷᠬᠠᠵᠤ ᠯᠠ ᠰᠠᠭᠤᠨ᠎ᠠ᠃ | ᠬᠡᠤᠭᠡᠳ ᠤᠨ ᠲᠤᠰ ᠪᠡᠶ᠎ᠡ ᠪᠠᠷ ᠭᠤᠤᠯ ᠴᠤᠭᠴᠠ ᠪᠤᠯᠭᠠᠭᠰᠠᠨ ᠤᠯᠠᠮᠵᠢᠯᠠᠯᠳᠤ ᠬᠡᠷ ᠪᠦᠯᠢ ᠶᠢᠨ ᠰᠤᠷᠭᠠᠨ | ᠬᠦᠮᠦᠵᠢᠯ ᠤᠨ ᠬᠡᠯᠪᠡᠷᠢ ᠵᠢᠴᠢ ᠰᠤᠷᠭᠠᠯ ᠦᠭᠡ᠂ ᠵᠦᠢᠷ ᠦᠭᠡ᠂ ᠬᠤᠷᠰᠢᠶ᠎ᠠ ᠦᠭᠡ᠂ ᠬᠦᠨᠳᠤᠯᠡᠵᠤ ᠮᠡᠨᠳᠤᠯᠡᠬᠦ ᠶᠤᠰᠤ | ᠵᠠᠩᠰᠢᠯ ᠨᠢ ᠮᠠᠨ ᠳᠤ ᠵᠦᠪ ᠰᠡᠳᠬᠢᠯ ᠵᠦᠪ ᠠᠵᠢᠯᠯᠠᠭ᠎ᠠ ᠲᠠᠢ ᠬᠦᠮᠦᠨ ᠪᠤᠯᠵᠤ ᠬᠦᠮᠦᠵᠢᠬᠦ ᠵᠠᠮ ᠢ ᠵᠢᠭᠠᠵᠤ | ᠦᠭᠬᠦᠭᠰᠡᠨ ᠬᠡᠳᠡᠭ ᠢ ᠤᠯᠠᠮ ᠠᠴᠠ ᠤᠯᠠᠮ ᠮᠡᠳᠡᠷᠡᠵᠤ᠂ ᠦᠷ᠎ᠡ ᠬᠡᠤᠭᠡᠳ ᠲᠤ ᠪᠠᠨ ᠤᠯᠠᠮᠵᠢᠯᠠᠵᠤ ᠦᠭᠬᠦᠶ᠎ᠡ ᠬᠡᠵᠤ | ᠯᠠ ᠪᠤᠳᠤᠨ᠎ᠠ᠃ |