ᠮᠤᠩᠭᠤᠯ ᠬᠦᠮᠦᠨ ᠤ ᠰᠤᠶᠤᠯ ᠪᠤᠯ ᠪᠠᠶᠢᠭᠠᠯᠢ ᠶᠢᠨ ᠰᠤᠶᠤᠯ᠂ ᠬᠠᠶᠢᠷ᠎ᠠ ᠶᠢᠨ ᠰᠤᠶᠤᠯ ᠶᠤᠮ ᠭᠡᠵᠤ ᠭᠡᠯᠡᠵᠤ | ᠪᠤᠯᠬᠤ ᠶᠤᠰᠤ ᠴᠦ ᠡᠨᠡ᠃ ᠲᠡᠭᠡᠬᠦ ᠳᠤ ᠮᠤᠩᠭᠤᠯ ᠬᠦᠮᠦᠨ ᠪᠠᠶᠢᠭᠠᠯᠢ ᠪᠠᠨ ᠭᠡᠷᠬᠢᠨ ᠤᠶᠢᠯᠠᠭᠠᠵᠤ᠂ ᠪᠠᠶᠢᠭᠠᠯᠢ ᠨᠢ | ᠮᠤᠩᠭᠤᠯ ᠬᠦᠮᠦᠨ ᠳᠤ ᠶᠠᠭᠠᠬᠢᠵᠤ ᠲᠤᠬᠢᠶ᠎ᠠ ᠪᠠᠨ ᠦᠭᠳᠡᠭ ᠪᠠᠶᠢᠨ᠎ᠠ︖ ᠤᠷᠴᠢᠯᠠᠩ ᠲᠡᠯᠡᠭᠡᠢ ᠶᠢᠨ ᠲᠦᠮᠡᠨ ᠪᠤᠳᠠᠰ᠂ | ᠬᠤᠷᠤᠬᠠᠢ ᠰᠢᠪᠡᠵᠢ ᠠᠴᠠ ᠡᠬᠢᠯᠡᠭᠡᠳ ᠠᠷᠢᠶᠠᠳᠠᠨ ᠵᠢᠬᠦᠷᠳᠡᠨ ᠮᠤᠩᠭᠤᠯ ᠬᠦᠮᠦᠨ ᠳᠤ ᠶᠠᠭᠠᠬᠢᠵᠤ ᠰᠤᠷᠠᠭ ᠴᠢᠮᠡᠭᠡ | ᠬᠦᠷᠭᠡᠳᠡᠭ ᠪᠠᠶᠢᠨ᠎ᠠ︖ | 21 ᠲᠡᠭᠷᠢ ᠲᠤᠩᠭᠤᠳᠴᠦ ᠡᠬᠦᠯᠠ ᠭᠠᠷᠤᠭᠠᠳ ᠪᠠᠶᠢᠬᠤ ᠴᠠᠭ ᠦᠶ᠎ᠡ ᠲᠤᠭᠤᠷᠤᠤ ᠡᠬᠦᠯᠠ ᠤᠷᠤᠭᠤ | ᠬᠠᠰᠬᠢᠷᠦᠨ ᠨᠢᠰᠴᠦ ᠪᠠᠶᠢᠪᠠᠯ ᠮᠦᠨᠳᠤᠷ ᠪᠠᠭᠤᠬᠤ ᠪᠤᠶᠤ ᠰᠢᠷᠦᠬᠦᠨ ᠪᠤᠷᠤᠭᠠᠨ ᠤᠷᠤᠬᠤ ᠶᠢᠨ ᠲᠡᠮᠳᠡᠭ᠃ | 22 ᠨᠠᠷᠠ ᠡᠬᠦᠯᠠ ᠶᠢᠨ ᠲᠤᠳᠤᠷ᠎ᠠ ᠰᠢᠩᠭᠡᠪᠠᠯ ᠪᠤᠷᠤᠭᠠᠯᠠᠨ᠎ᠠ᠂ ᠡᠬᠦᠯᠠᠨ ᠠᠴᠠ ᠰᠢᠪᠳᠤᠷᠴᠦ ᠰᠢᠩᠭᠡᠪᠡᠯ | ᠭᠠᠩᠳᠠᠨ᠎ᠠ᠃ | 23 ᠬᠠᠪᠤᠷ ᠤᠨ ᠲᠤᠭᠤᠷᠤᠤ ᠬᠠᠰᠬᠢᠷᠪᠠᠯ ᠰᠢᠭᠤᠷᠭ᠎ᠠ ᠢᠷᠡᠨ᠎ᠠ᠃ | 24 ᠦᠷᠯᠦᠭᠡ ᠶᠢᠨ ᠮᠠᠨᠠᠨ ᠦᠭᠡᠳᠡ ᠪᠠᠨ ᠶᠠᠪᠤᠪᠠᠯ ᠦᠳᠡ ᠶᠢᠨ ᠬᠤᠶᠢᠨ᠎ᠠ ᠪᠤᠷᠤᠭᠠᠨ ᠤᠷᠤᠨ᠎ᠠ᠃ | 25 ᠨᠤᠭᠳᠤᠷᠤ ᠠᠷᠪᠢᠨ ᠢᠷᠡᠪᠡᠯ ᠡᠪᠦᠯ ᠴᠠᠰᠤ ᠪᠠᠭ᠎ᠠ᠂ ᠦᠩ ᠲᠠᠢ ᠡᠪᠤᠯ ᠪᠤᠯᠤᠨ᠎ᠠ᠃ | 26 ᠨᠢᠯᠬ᠎ᠠ ᠬᠡᠦᠭᠡᠳ ᠤᠨᠳᠠᠭᠠᠳ ᠰᠡᠷᠡᠬᠦ ᠦᠭᠡᠢ ᠪᠤᠯ ᠶᠡᠭᠡ ᠪᠤᠷᠤᠭ᠎ᠠ ᠤᠷᠤᠨ᠎ᠠ᠃ | 27 ᠤᠰᠤᠨ ᠭᠠᠩ ᠲᠤᠳᠤᠷᠠᠬᠢ ᠤᠰᠤ ᠭᠡᠳᠦᠢ ᠪᠠᠶᠢᠪᠠᠯ ᠭᠡᠳᠦᠢ ᠪᠠᠷ ᠨᠢ ᠬᠦᠯᠦᠷᠡᠪᠡᠯ ᠲᠦᠷᠪᠠᠨ ᠬᠤᠷᠤᠭᠤ | ᠪᠤᠷᠤᠭᠠᠯᠠᠨ᠎ᠠ᠃ ᠬᠠᠷᠢᠨ ᠤᠰᠤᠨ ᠤ ᠬᠢᠨᠢ ᠬᠠᠭᠠᠰ ᠬᠢᠷᠢᠳᠡᠢ ᠬᠦᠯᠦᠷᠡᠪᠠᠯ ᠬᠤᠶᠠᠷ ᠬᠤᠷᠤᠭᠤ ᠪᠤᠷᠤᠭ᠎ᠠ ᠤᠷᠤᠨ᠎ᠠ᠃ | 28 ᠪᠢᠯᠵᠤᠤᠬᠠᠢ ᠨᠢᠰᠬᠦ ᠳᠤ ᠲᠠᠯᠠᠪᠴᠢ ᠨᠢ ᠫᠦᠷ ᠫᠦᠷ ᠭᠡᠵᠤ ᠰᠢᠷᠦᠬᠦᠨ ᠬᠦᠴᠦᠳᠠᠢ ᠲᠤᠤᠭᠠᠷᠪᠠᠯ ᠪᠤᠷᠤᠭᠠᠨ | ᠤᠷᠤᠬᠤ ᠪᠤᠶᠤ ᠴᠠᠰᠤ ᠤᠨᠠᠨ᠎ᠠ᠃ | 29 ᠦᠷᠯᠦᠭᠡ ᠶᠢᠨ ᠨᠠᠷᠠᠨ ᠮᠠᠨᠳᠤᠵᠤ ᠪᠤᠢ ᠳᠤ ᠡᠬᠦᠯᠠ ᠤᠯᠠᠶᠢᠵᠤ ᠬᠠᠷᠠᠯᠠᠵᠤ ᠪᠠᠶᠢᠪᠠᠯ ᠪᠤᠷᠤᠭᠠᠯᠠᠨ᠎ᠠ᠃ | ᠤᠷᠤᠢ ᠶᠢᠨ ᠨᠠᠷᠠᠨ ᠰᠢᠩᠬᠡᠬᠦ ᠳᠤ ᠪᠦᠳᠦᠨ ᠲᠡᠭᠷᠢ ᠤᠯᠠᠶᠢᠵᠤ ᠡᠬᠦᠯᠡᠳᠡᠪᠡᠯ ᠠᠷᠪᠠᠨ ᠡᠳᠦᠷ ᠲᠤᠳᠤᠷ᠎ᠠ ᠪᠤᠷᠤᠭ᠎ᠠ | ᠦᠭᠡᠢ᠃ | 30 ᠦᠮᠡᠭᠡᠢ ᠬᠤᠷᠤᠬᠠᠢ ᠭᠡᠷᠡᠮ ᠲᠠᠪᠠᠵᠤ ᠨᠠᠯᠢᠶᠠᠳ ᠦᠨᠳᠤᠷ ᠲᠤ ᠭᠠᠷᠤᠭᠰᠠᠨ ᠢᠶᠠᠨ ᠵᠤᠭᠰᠤᠵᠤ ᠲᠠᠬᠢᠨ | ᠲᠤᠯᠤᠭᠠᠢ ᠪᠠᠨ ᠲᠤᠭᠤᠭᠰᠢ ᠬᠠᠨᠳᠤᠭᠤᠯᠵᠤ ᠪᠠᠶᠢᠪᠠᠯ ᠮᠥᠨ ᠲᠠᠷᠠ ᠦᠨᠳᠤᠷᠴᠠ ᠶᠢᠨ ᠬᠢᠷᠢᠳᠡᠢ ᠪᠤᠷᠤᠭ᠎ᠠ ᠤᠷᠤᠨ᠎ᠠ᠃ | 31 ᠭᠠᠭ᠋ᠠᠢ ᠯᠤᠪᠰᠢ ᠴᠤᠭᠯᠠᠭᠤᠯᠪᠠᠯ ᠲᠡᠭᠷᠢ ᠬᠤᠪᠢᠯᠦᠨᠠ᠃ ᠲᠠᠷᠤᠢ ᠪᠤᠷᠤᠭ᠎ᠠ ᠤᠷᠤᠬᠤ ᠪᠤᠶᠤ ᠴᠠᠰᠤ | ᠤᠨᠠᠨ᠎ᠠ᠃ | 32 ᠭᠠᠷᠬᠤ ᠨᠠᠷᠠᠨ ᠤᠯᠠᠶᠢᠪᠠᠯ ᠭᠠᠩᠳᠠᠬᠤ ᠶᠢᠨ ᠲᠡᠮᠳᠡᠭ᠂ ᠭᠠᠷᠤᠨ ᠤᠷᠤᠨ ᠭᠡᠩᠰᠢᠪᠡᠯ ᠭᠠᠶᠢᠳᠠᠬᠤ ᠶᠢᠨ | ᠲᠡᠮᠳᠡᠭ᠃ | 33 ᠲᠡᠭᠷᠢ ᠶᠢᠨ ᠤᠶᠤᠳᠠᠯ ᠴᠠᠶᠢᠪᠠᠭᠠᠷ ᠰᠢᠭ᠋ ᠪᠠᠶᠢᠪᠠᠯ ᠰᠠᠯᠬᠢᠨ ᠲᠠᠢ ᠪᠤᠶᠤ ᠡᠬᠦᠯᠠ ᠮᠠᠨᠠᠨ ᠲᠠᠢ᠂ ᠬᠠᠶᠠ | ᠪᠠᠰᠠ ᠪᠠᠭ᠎ᠠ ᠪᠤᠷᠤᠭ᠎ᠠ ᠤᠷᠤᠨ᠎ᠠ᠃ | 34 ᠨᠠᠷᠠ ᠬᠦᠷᠢᠶᠡᠯᠡᠪᠡᠯ ᠪᠤᠷᠤᠭᠠᠨ ᠲᠠᠢ᠂ ᠰᠠᠷ᠎ᠠ ᠬᠦᠷᠢᠶᠠᠯᠡᠪᠡᠯ ᠰᠠᠯᠬᠢᠨ ᠲᠠᠢ᠃ | 35 ᠰᠠᠷ᠎ᠠ ᠬᠦᠷᠢᠶᠡᠯᠡᠪᠡᠯ ᠰᠠᠶ᠎ᠠ ᠳᠠᠭᠠᠨ ᠭᠡᠷᠡᠭ ᠲᠠᠢ᠂ ᠨᠠᠷᠠ ᠬᠦᠷᠢᠶᠡᠯᠡᠪᠡᠯ ᠨᠠᠳᠠ ᠳᠠᠭᠠᠨ ᠭᠡᠷᠡᠭ ᠲᠠᠢ ᠭᠡᠳᠡᠭ | ᠢᠶᠠᠷ ᠨᠠᠷᠠ ᠬᠦᠷᠢᠶᠡᠯᠡᠪᠡᠯ ᠭᠤᠷᠪᠠᠨ ᠡᠳᠦᠷ ᠤᠨ ᠲᠤᠳᠤᠷ᠎ᠠ ᠪᠤᠷᠤᠭᠠᠨ ᠤᠷᠤᠨ᠎ᠠ᠃ | 36 ᠨᠠᠷᠠ ᠭᠤᠷᠪᠠᠯᠠᠪᠠᠯ ︵ᠨᠠᠷᠠ ᠴᠢᠬᠢᠯᠡᠬᠦ᠂ ᠨᠠᠷᠠ ᠰᠤᠶᠢᠬᠠᠯᠠᠬᠤ ᠭᠡᠵᠤ ᠴᠦ ᠭᠡᠯᠠᠨ᠎ᠠ︶ ᠠᠭᠠᠷ ᠮᠠᠨᠳᠠᠯ | ᠴᠢᠬᠢᠭᠳᠡᠵᠤ ᠪᠤᠷᠤᠭᠠᠯᠠᠨ᠎ᠠ᠃ ᠪᠠᠰᠠ ᠨᠢᠭᠡ ᠭᠡᠯᠡᠯᠭᠡ ᠪᠤᠯ᠄ ᠭᠤᠷᠪᠠᠨ ᠨᠠᠷᠠ ᠭᠠᠷᠪᠠᠯ ᠭᠠᠩᠳᠠᠵᠤ ᠭᠤᠷᠪᠠᠨ ᠨᠠᠷᠠ | ᠵᠢᠷᠭᠠᠪᠠᠯ ᠪᠤᠷᠤᠭᠠᠯᠠᠨ᠎ᠠ᠂ ᠡᠪᠦᠯ ᠨᠢ ᠭᠤᠷᠪᠠᠨ ᠨᠠᠷᠠ ᠭᠠᠷᠪᠠᠯ ᠬᠦᠢᠳᠡᠷᠡᠵᠤ᠂ ᠭᠤᠷᠪᠠᠨ ᠨᠠᠷᠠ ᠵᠢᠷᠭᠠᠪᠠᠯ ᠲᠤᠯᠠᠭᠠᠷᠠᠨᠠ | ᠭᠡᠨ᠎ᠠ᠃ | 37 ᠤᠷᠳᠤᠰ ᠲᠤᠭᠠᠯᠠᠯ ᠤᠨ ᠨᠠᠢᠮᠠᠨ ᠰᠠᠷ᠎ᠠ ᠳᠤ ᠪᠠᠷᠠᠭᠤᠨ ᠡᠮᠦᠨ᠎ᠠ ᠲᠡᠭᠷᠢ ᠶᠢᠨ ᠬᠠᠶᠠᠭᠠᠨ ᠳᠤ ᠪᠠᠶᠢᠳᠠᠭ | ᠬᠤᠶᠠᠷ ᠵᠡᠷᠭᠡᠴᠡᠭᠡ ᠤᠳᠤᠨ ᠲᠤᠳᠤᠷᠬᠠᠢ ᠦᠵᠡᠭᠳᠡᠳᠡᠭ᠃ ᠲᠡᠬᠦᠨ ᠢ ᠴᠢᠨ᠋ᠸ᠎ᠠ ᠶᠢᠨ ᠬᠤᠶᠠᠷ ᠨᠢᠳᠤ ᠭᠡᠳᠡᠭ᠂ ᠲᠡᠬᠦᠨ ᠤ | ᠪᠠᠷᠠᠭᠤᠨᠳᠠᠢ ᠪᠠᠶᠢᠳᠠᠭ ᠬᠤᠶᠠᠷ ᠵᠢᠭᠠᠬᠠᠨ ᠤᠳᠤᠨ ᠪᠤᠢ᠂ ᠲᠡᠬᠦᠨ ᠢ ᠭᠠᠯ ᠤᠳᠤᠨ᠂ ᠤᠰᠤᠨ ᠤᠳᠤᠨ ᠭᠡᠳᠡᠭ᠃ ᠲᠠᠷᠠ | ᠬᠤᠶᠠᠷ ᠤᠳᠤᠨ ᠵᠤᠳᠤᠯᠴᠠᠪᠠᠯ ᠪᠤᠷᠤᠭᠠᠯᠠᠨ᠎ᠠ᠂ ᠠᠵᠢᠭ ᠴᠦ ᠦᠭᠡᠢ ᠤᠷᠤ ᠤᠷᠤᠨ ᠳᠠᠭᠠᠨ ᠪᠠᠶᠢᠪᠠᠯ ᠭᠠᠩ ᠲᠠᠢ | ︵ᠲᠦᠬᠦᠮ ᠢᠶᠠᠷ ᠭᠡᠯᠡᠪᠡᠯ᠄ ᠭᠠᠯ ᠤᠰᠤᠨ ᠬᠤᠶᠠᠷ ᠤᠳᠤ ᠵᠤᠳᠤᠯᠴᠠᠪᠠᠯ ᠪᠤᠷᠤᠭᠠᠨ ᠲᠠᠢ︶᠃ | 38 ᠵᠡᠬᠦᠨ ᠡᠮᠦᠨ᠎ᠠ ᠰᠤᠯᠤᠩᠭ᠎ᠠ ᠲᠠᠳᠠᠪᠠᠯ ᠭᠡᠶᠢᠨ᠎ᠠ᠂ ᠪᠠᠷᠠᠭᠤᠨ ᠡᠮᠦᠨ᠎ᠠ ᠰᠤᠯᠤᠩᠭ᠎ᠠ ᠲᠠᠳᠠᠪᠠᠯ ᠰᠢᠷᠦᠬᠦᠨ | ᠪᠤᠷᠤᠭ᠎ᠠ ᠤᠷᠤᠨ᠎ᠠ᠃ | 39 ᠰᠢᠷᠭᠤᠯᠵᠢ ᠨᠦᠭᠡᠨ ᠤ ᠪᠠᠨ ᠠᠮᠠᠨ ᠲᠡᠭᠡᠷ᠎ᠡ ᠶᠡᠬᠡᠭᠡᠨ ᠰᠢᠭ ᠰᠢᠷᠤᠢ ᠤᠪᠤᠭᠠᠯᠠᠪᠠᠯ ᠪᠤᠷᠤᠭᠠᠯᠠᠨ᠎ᠠ᠃ | 40 ᠰᠠᠯᠬᠢᠨ ᠨᠠᠷᠠ ᠪᠠᠨ ᠲᠠᠭᠠᠭᠠᠳ ᠡᠷᠬᠢᠪᠠᠯ ᠭᠠᠩᠳᠠᠨ᠎ᠠ᠂ ᠵᠡᠬᠦᠨ ᠡᠮᠦᠨ᠎ᠠ ᠠᠴᠠ ᠰᠠᠯᠬᠢᠯᠠᠪᠠᠯ ᠪᠤᠷᠤᠭᠠᠯᠠᠨ᠎ᠠ᠃ | |