ᠬᠡᠥᠬᠡᠳ ᠶᠠᠭᠤᠨ ᠤ ᠤᠴᠢᠷ ᠠᠴᠠ ᠬᠤᠳᠠᠯ ᠬᠡᠯᠡᠳᠡᠭ ᠪᠤᠢ︖
ᠨᠡᠶᠢᠲᠡᠯᠡᠭᠰᠡᠨ ᠴᠠᠭ᠄
2023/11/13
     ᠬᠡᠥᠬᠡᠳ ᠪᠠᠭᠠᠴᠤᠳ ᠬᠤᠳᠠᠯ ᠬᠡᠯᠡᠳᠡᠭ ᠤᠨ ᠰᠢᠯᠲᠠᠭᠠᠨ ᠨᠢ ᠶᠡᠷᠥᠳᠡᠭᠡᠨ ᠡᠶᠢᠮᠥᠷᠬᠦ ᠬᠡᠳᠥᠨ ᠵᠥᠢᠯ ᠤᠨ ᠪᠠᠶᠢᠳᠠᠭ᠃      ᠨᠢᠭᠡ᠂ ᠭᠡᠷ ᠤᠨ ᠠᠬᠠᠮᠠᠳ ︽ᠰᠢᠬᠠᠮᠳᠠᠭᠤᠯᠤᠭᠰᠠᠨ︾᠃ ᠬᠡᠥᠬᠡᠳ ᠠᠯᠳᠠᠭ᠎ᠠ ᠭᠠᠷᠭᠠᠭᠰᠠᠨ ᠥᠶᠡᠰ ᠥᠷᠭᠦᠯᠵᠢ ᠬᠤᠳᠠᠯ ᠬᠡᠯᠡᠬᠦ ᠪᠠᠷ ᠳᠠᠮᠵᠢᠨ ᠥᠪᠡᠷ ᠤᠨ ᠤᠰᠤᠯ ᠪᠤᠷᠤᠭᠤ ᠪᠠᠨ ᠬᠠᠯᠬᠠᠯᠠᠵᠤ ᠬᠠᠷᠢᠶᠠᠭᠳᠠᠵᠤ ᠰᠢᠭᠦᠮᠵᠢᠯᠡᠭᠳᠡᠬᠦ ᠠᠴᠠ ᠵᠠᠶᠢᠯᠠᠰᠬᠢᠳᠠᠭ᠃ ᠵᠠᠷᠢᠮ ᠭᠡᠷ ᠤᠨ ᠠᠬᠠᠮᠠᠳ ᠶᠡᠷᠥ ᠠᠴᠠ ᠪᠤᠷᠤᠭᠤᠰᠢᠶᠠᠨ ᠰᠢᠭᠦᠮᠵᠢᠯᠡᠬᠦ ᠪᠤᠶᠤ ᠪᠤᠯᠤ ᠰᠢᠳᠠᠮ ᠢᠶᠠᠷ ᠬᠡᠥᠬᠡᠳ ᠤᠨ ᠢᠶᠠᠨ ᠪᠤᠷᠤᠭᠤ ᠠᠵᠢᠯᠯᠠᠭ᠎ᠠ ᠶᠢ ᠰᠢᠳᠬᠡᠳᠡᠭ᠃ ᠡᠶᠢᠮᠥᠷᠬᠦ ᠰᠤᠷᠭᠠᠨ ᠬᠥᠮᠥᠵᠢᠯ ᠤᠨ ᠥᠷ᠎ᠡ ᠳ᠋ᠦᠩ ᠨᠢ ᠶᠡᠷᠥᠳᠡᠭᠡᠨ ᠡᠰᠡᠷᠭᠦ ᠥᠢᠯᠡᠳᠥᠯ ᠥᠵᠡᠭᠦᠯᠳᠡᠭ᠃ ᠡᠶᠢᠮᠥ ᠠᠴᠠ ᠡᠴᠢᠬᠡ ᠡᠬᠡ ᠪᠤᠯᠤᠭᠰᠠᠳ ᠥᠷ᠎ᠡ ᠬᠡᠥᠬᠡᠳ ᠤᠨ ᠢᠶᠠᠨ ᠪᠤᠷᠤᠭᠤ ᠪᠠᠨ ᠵᠠᠯᠠᠷᠠᠭᠤᠯᠤᠭᠰᠠᠨ ᠥᠶᠡᠰ ᠠᠭᠤᠴᠢᠯᠠᠬᠤ ᠪᠤᠶᠤ ᠵᠤᠬᠢᠰᠲᠠᠢ ᠰᠠᠶᠢᠰᠢᠶᠠᠪᠠᠯ ᠵᠤᠬᠢᠨ᠎ᠠ᠃      ᠬᠤᠶᠠᠷ᠂ ᠭᠡᠷ ᠤᠨ ᠠᠬᠠᠮᠠᠳ ︽ᠵᠢᠭᠠᠭᠰᠠᠨ︾᠃ ᠵᠠᠷᠢᠮ ᠥᠶᠡᠰ ᠭᠡᠷ ᠤᠨ ᠠᠬᠠᠮᠠᠳ ᠬᠡᠥᠬᠡᠳ ᠢᠶᠠᠨ ᠬᠡᠳᠥᠷᠬᠡᠢ ᠬᠠᠶᠢᠷᠠᠯᠠᠭᠰᠠᠨ ᠠᠴᠠ ᠪᠤᠯᠵᠤ ᠥᠷᠭᠦᠯᠵᠢ ᠬᠡᠥᠬᠡᠳ ᠲᠡᠭᠡᠨ ᠢᠬᠢᠷ ᠰᠢᠬᠢᠷ ᠢᠳᠡᠳᠡᠭ ᠶᠠᠭᠤᠮ᠎ᠠ ᠰᠡᠮᠡᠭᠡᠷ ᠭᠠᠷᠳᠠᠭᠤᠯᠤᠨ ᠬᠡᠥᠬᠡᠳ ᠢᠶᠠᠨ ᠨᠢᠭᠤᠴᠠ ᠪᠠᠷ ᠢᠳᠡᠭᠦᠯᠳᠡᠭ᠃ ᠡᠭᠦᠨ ᠠᠴᠠ ᠭᠠᠳᠠᠨ᠎ᠠ ᠭᠡᠷ ᠤᠨ ᠬᠥᠮᠥᠰ ᠬᠤᠭᠤᠷᠤᠨᠳᠤ ᠪᠠᠨ ᠡᠰᠡᠬᠦᠯ᠎ᠡ ᠭᠡᠷ ᠤᠨ ᠬᠥᠮᠥᠰ ᠪᠤᠯᠤᠨ ᠵᠡᠷᠭᠡᠯᠡᠳᠡᠭᠡ ᠠᠶᠢᠯ ᠤᠨ ᠬᠥᠮᠥᠰ ᠤᠨ ᠬᠤᠭᠤᠷᠤᠨᠳᠤ ᠤᠷᠤᠰᠢᠵᠤ ᠪᠥᠬᠦᠢ ᠬᠤᠳᠠᠯ ᠬᠠᠭᠤᠷᠮᠠᠭ ᠥᠭᠡ ᠶᠠᠷᠢᠶ᠎ᠠ᠂ ᠥᠢᠯᠡ ᠠᠵᠢᠯᠯᠠᠭ᠎ᠠ ᠶᠢ ᠨᠢ ᠬᠡᠥᠬᠡᠳ ᠴᠢᠬᠢ ᠪᠠᠷ ᠢᠶᠠᠨ ᠰᠤᠨᠤᠰᠴᠤ ᠨᠢᠳᠥ ᠪᠠᠷ ᠢᠶᠠᠨ ᠥᠵᠡᠭᠡᠳ ᠰᠡᠳᠬᠢᠯ ᠰᠠᠨᠠᠭᠠᠨ ᠳᠤ ᠨᠢ ᠨᠥᠯᠥᠭᠡ ᠥᠵᠡᠭᠦᠯᠥᠭᠰᠡᠨ ᠪᠠᠶᠢᠳᠠᠭ᠃      ᠭᠤᠷᠪᠠ᠂ ᠬᠡᠥᠬᠡᠳ ᠤᠨ ᠥᠨᠡᠨ ᠬᠤᠳᠠᠯ ᠢ ᠲᠤᠳᠤᠯᠠᠬᠤ ᠴᠢᠳᠠᠪᠤᠷᠢ ᠪᠠᠭᠤᠷᠠᠢ᠂ ᠶᠡᠭᠡ ᠬᠥᠮᠥᠰ ᠡᠳᠥᠷ ᠲᠤᠳᠤᠮ ᠤᠨ ᠬᠠᠷᠢᠯᠴᠠᠭᠠᠨ ᠤ ᠳᠤᠮᠳᠠ ᠡᠶᠢᠮᠥ ᠲᠡᠶᠢᠮᠥ ᠰᠢᠯᠲᠠᠭᠠᠨ ᠠᠴᠠ ᠪᠤᠯᠵᠤ ᠵᠠᠷᠢᠮ ᠤᠴᠢᠷ ᠢ ᠰᠢᠭᠤᠳ ᠬᠡᠯᠡᠬᠦ  ᠳᠤ ᠳᠥᠭᠦᠮ ᠥᠭᠡᠢ ᠪᠠᠶᠢᠵᠤ᠂ ᠥᠷᠭᠦᠯᠵᠢ ᠰᠢᠯᠲᠠᠭ ᠡᠷᠢᠵᠥ ᠵᠠᠶᠢᠯᠠᠰᠬᠢᠳᠠᠭ᠃ ᠬᠡᠥᠬᠡᠳ ᠴᠤ ᠡᠭᠦᠨ ᠢ ᠳᠠᠭᠤᠷᠢᠶᠠᠵᠤ᠂ ᠥᠨᠡᠨ ᠳᠡᠭᠡᠨ ᠬᠤᠳᠠᠯ ᠬᠡᠯᠡᠬᠦ ᠶᠢ ᠰᠤᠷᠴᠢᠬᠠᠭᠰᠠᠨ ᠪᠠᠶᠢᠳᠠᠭ᠃ ᠡᠶᠢᠮᠥ ᠠᠴᠠ ᠶᠡᠭᠡ ᠬᠥᠮᠥᠰ ᠠᠵᠢᠯ ᠤᠨ ᠳᠤᠮᠳᠠ  ᠪᠠᠨ ᠠᠷᠭ᠎ᠠ ᠮᠠᠶ᠋ᠢᠭ ᠢᠶᠠᠨ ᠠᠩᠬᠠᠷᠴᠤ᠂ ᠶᠡᠷᠥ ᠶᠢᠨ ᠴᠠᠭ ᠲᠤ ᠬᠡᠥᠬᠡᠳ ᠢᠶᠠᠨ ᠬᠠᠪᠰᠤᠷᠤᠨ ᠥᠨᠡᠨ ᠬᠤᠳᠠᠯ ᠢ ᠵᠥᠪ  ᠢᠶᠠᠷ ᠲᠠᠨᠢᠬᠤ ᠴᠢᠳᠠᠪᠤᠷᠢ ᠶᠢ ᠨᠢ ᠳᠡᠭᠡᠭᠡᠭᠰᠢᠯᠡᠭᠦᠯᠬᠦ ᠬᠡᠷᠡᠭᠲᠡᠢ᠃ ᠡᠭᠦᠨ ᠠᠴᠠ ᠭᠠᠳᠠᠨ᠎ᠠ ᠳᠡᠶᠢᠯᠥᠮᠡᠲᠡᠭᠡᠢ ᠵᠠᠩ᠂ ᠨᠡᠷᠡᠯᠬᠡᠥ ᠵᠠᠩ᠂ ᠥᠰᠢᠶᠡᠷᠬᠡᠬᠦ ᠪᠤᠳᠤᠯ ᠵᠡᠷᠭᠡ ᠨᠢ ᠬᠡᠥᠭᠡᠳ ᠢ ᠬᠤᠳᠠᠯ ᠬᠡᠯᠡᠬᠦ ᠪᠤᠯᠭᠠᠳᠠᠭ ᠲᠤᠯᠠ ᠰᠤᠷᠭᠠᠨ ᠬᠥᠮᠥᠵᠢᠯ  ᠨᠢ ᠡᠷᠬᠡᠪᠰᠢ ᠴᠢᠭᠯᠡᠯᠲᠡ ᠲᠤᠳᠤᠷᠬᠠᠢ ᠪᠠᠶᠢᠬᠤ ᠬᠡᠷᠡᠭᠲᠡᠢ᠃ ᠬᠡᠥᠬᠡᠳ ᠢ ᠰᠤᠷᠭᠠᠨ ᠬᠥᠮᠥᠵᠢᠭᠦᠯᠬᠦ ᠪᠤᠯ ᠨᠢᠭᠡᠨ ᠰᠢᠨᠵᠢᠯᠡᠬᠦ ᠤᠬᠠᠭᠠᠨ ᠪᠤᠯᠤᠨ᠎ᠠ᠃ ᠬᠡᠥᠬᠡᠳ ᠤᠨ ᠪᠤᠶᠢᠵᠢᠯᠲᠠ ᠶᠢᠨ ᠶᠠᠪᠤᠴᠠ ᠳᠤ ᠶᠡᠭᠡ ᠬᠥᠮᠥᠰ ᠤᠨ ᠵᠥᠪ ᠤᠨᠤᠪᠴᠢᠲᠠᠢ ᠵᠢᠭᠠᠨ ᠵᠢᠯᠤᠭᠤᠳᠤᠯᠭ᠎ᠠ᠂ ᠬᠠᠷᠠᠭᠠᠯᠵᠠᠯᠠᠯ ᠬᠥᠮᠥᠵᠢᠯ ᠲᠤᠩ ᠴᠢᠬᠤᠯᠠ ᠶᠤᠮ᠃ ᠭᠡᠷ ᠤᠨ ᠬᠥᠮᠥᠵᠢᠯ ᠵᠥᠢ ᠵᠤᠬᠢᠰ ᠥᠭᠡᠢ ᠭᠡᠷ ᠤᠨ ᠠᠬᠠᠮᠠᠳ ᠡᠷᠬᠡᠪᠰᠢ ᠰᠤᠷᠭᠠᠨ ᠬᠥᠮᠥᠵᠢᠭᠦᠯᠬᠦ ᠠᠷᠭ᠎ᠠ ᠪᠠᠷᠢᠯ ᠤᠨ ᠲᠠᠯ᠎ᠠ ᠪᠠᠷ ᠢᠯᠡᠭᠦᠬᠡᠨ ᠲᠠᠷᠢᠬᠢ ᠬᠥᠳᠡᠯᠭᠡᠨ ᠡᠷᠴᠢᠮᠲᠡᠢ ᠠᠷᠭ᠎ᠠ ᠲᠤᠭᠲᠠᠭᠠᠬᠤ ᠬᠡᠷᠡᠭᠲᠡᠢ᠂ ᠥᠭᠡᠢ ᠪᠤᠯ ᠪᠤᠷᠤᠭᠤᠳᠠᠭᠰᠠᠨ ᠳᠡᠭᠡᠷ᠎ᠡ  ᠨᠢ ᠪᠤᠷᠤᠭᠤᠳᠠᠵᠤ᠂ ᠬᠠᠷᠠᠮᠰᠠᠭᠰᠠᠨ ᠴᠤ ᠤᠷᠤᠶᠢᠳᠠᠬᠤ ᠪᠤᠯᠤᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号