ᠤᠳᠤ ᠶᠢᠨ ᠬᠡᠦᠭᠡᠳ ᠤᠢ ᠰᠡᠷᠬᠦᠯᠡᠩ᠂ ᠬᠡᠳᠡᠯ᠎ᠡ ᠪᠡᠶ᠎ᠡ ᠪᠠᠨ ᠪᠠᠷᠢᠬᠤ᠂ ᠬᠦᠴᠢᠷ ᠢ ᠲᠡᠰᠪᠦᠷᠢᠯᠡᠬᠦ᠂ ᠲᠠᠷᠤᠯᠳᠠ ᠶᠢ | ᠬᠦᠯᠢᠴᠡᠬᠦ ᠮᠡᠳᠦ ᠶᠢᠨ ᠴᠢᠳᠠᠪᠤᠷᠢ ᠪᠠᠷ ᠲᠤᠩ ᠳᠤᠳᠠᠮᠠᠭ᠃ ᠡᠶᠢᠮᠦ ᠠᠴᠠ ᠬᠡᠦᠭᠡᠳ ᠢ ᠵᠢᠭᠠᠬᠠᠨ ︽ᠬᠠᠯᠠ︾ ᠲᠠᠢ | ᠦᠰᠭᠡᠵᠦ᠂ ︽ᠬᠦᠴᠢᠷ ᠵᠤᠪᠠᠯᠠᠩ ᠲᠠᠢ ᠤᠷᠴᠢᠨ︾ ᠳᠤ ᠲᠠᠪᠳᠠᠭᠳᠠᠭᠤᠯᠵᠦ ᠪᠠᠶᠢᠪᠠᠯ ᠵᠤᠬᠢᠨ᠎ᠠ ᠬᠡᠵᠦ ᠨᠢᠭᠡ ᠬᠡᠷ ᠤᠨ | ᠠᠬᠠᠮᠠᠳ ᠪᠤᠳᠤᠯᠭᠠᠰᠢᠷᠠᠨ ᠭᠡᠯᠡᠵᠤ ᠪᠠᠶᠢᠭᠰᠠᠨ ᠪᠢᠯᠡ᠃ | ᠦᠨᠦᠳᠦᠷ ᠤᠯᠠᠩᠬᠢ ᠭᠡᠷ ᠪᠦᠯᠢ ᠴᠦᠮ ᠭᠠᠭᠴᠠ ᠬᠡᠦᠭᠡᠳ ᠲᠠᠢ ᠪᠤᠯᠤᠭᠰᠠᠨ ᠢᠶᠠᠷ ᠭᠡᠷ ᠤᠨ ᠠᠬᠠᠮᠠᠳ ᠤᠨ | ᠬᠡᠦᠭᠡᠳ ᠢᠶᠠᠨ ᠬᠠᠶᠢᠷᠠᠯᠠᠨ ᠪᠦᠭᠡᠴᠡᠶᠢᠯᠡᠬᠦ ᠨᠢ ᠶᠡᠬᠡᠳᠴᠦ᠂ ᠭᠡᠦᠭᠡᠳ ᠤᠨ ᠤᠯᠠᠩᠬᠢ ᠨᠢ ᠬᠡᠷ ᠲᠡᠭᠡᠨ ︽ᠡᠵᠡᠨ ᠬᠠᠭᠠᠨ︾ | ᠤ ᠪᠠᠶᠢᠷᠢ ᠲᠠᠢ ᠡᠷᠭᠡ ᠳᠤᠷᠠᠪᠡᠷ ᠪᠤᠯᠤᠭᠠᠳ ᠠᠶ᠎ᠠ ᠶᠢ ᠨᠢ ᠳᠠᠭᠠᠪᠠᠯ ᠪᠤᠯᠬᠤ ᠠᠴᠠ ᠪᠢᠰᠢ ᠵᠠᠩᠨᠠᠵᠤ | ᠪᠤᠷᠤᠭᠤᠰᠢᠶᠠᠪᠠᠯ ᠦᠯᠦ ᠪᠤᠯᠬᠤ ᠮᠡᠳᠦ ᠶᠢᠨ ᠵᠦᠢᠯ ᠵᠦᠢᠯ ᠤᠨ ᠭᠡᠪ ᠤᠨ ᠪᠤᠰᠤ ᠵᠠᠩ ᠲᠠᠢ ᠪᠤᠯᠵᠠᠢ᠃ ᠡᠶᠢᠨᠬᠦ | ᠡᠯᠧᠺᠲᠷᠤᠨ ᠲᠤᠭᠯᠠᠭᠠᠮ ᠳᠤ ᠰᠢᠨᠤᠵᠤ᠂ ᠠᠪᠤ ᠳᠠᠭᠠᠨ ᠵᠢᠮᠡᠯᠡᠭᠳᠡᠭᠰᠡᠨ ᠠᠷᠪᠠᠨ ᠬᠤᠶᠠᠷᠲᠡᠢ ᠬᠦᠦ ᠬᠡᠷ ᠤᠨ ᠢᠶᠠᠨ | ᠨᠠᠷᠠᠪᠴᠢᠨ ᠠᠴᠠ ᠪᠤᠭᠤᠮᠢᠯᠠᠨ ᠦᠬᠦᠭᠰᠡᠨ ᠮᠡᠳᠦ ᠶᠢᠨ ᠭᠤᠨᠢᠭᠳᠤ ᠶᠠᠪᠤᠳᠠᠯ ᠠᠮᠠᠷᠬᠠᠨ ᠭᠠᠷᠬᠤ ᠪᠤᠯᠤᠭᠰᠠᠨ ᠪᠠᠶᠢᠨ᠎ᠠ᠃ | ᠬᠡᠦᠭᠡᠳ ᠤᠨ ᠦᠰᠦᠯᠳᠡ ᠪᠤᠶᠢᠵᠢᠯᠳᠠ ᠳᠤ ᠤᠢ ᠪᠢᠯᠢᠭ ᠶᠠᠷᠢᠶᠠᠨ ᠦᠭᠡᠢ ᠴᠢᠬᠤᠯᠠ᠂ ᠬᠡᠪᠡᠴᠦ ᠡᠷᠳᠡᠮᠳᠡᠳ ᠤᠨ | ᠵᠢᠭᠠᠵᠤ ᠭᠠᠷᠭᠠᠭᠰᠠᠨ ᠢᠶᠠᠷ᠂ ᠨᠢᠭᠡ ᠬᠦᠮᠦᠨ ᠤ ᠢᠷᠡᠭᠡᠳᠦᠢ ᠶᠢᠨ ᠠᠮᠵᠢᠯᠳᠠ ᠳᠤ ᠤᠢ ᠪᠢᠯᠢᠭ ᠨᠢ 20% | ᠭᠠᠷᠤᠢ ᠶᠢᠨ ᠯᠡ ᠦᠢᠯᠡᠳᠦᠯ ᠦᠵᠡᠬᠦᠯᠳᠡᠭ᠃ ᠬᠠᠷᠢᠨ ᠤᠷᠮ᠎ᠠ ᠵᠤᠷᠢᠭ᠂ ᠰᠡᠳᠬᠢᠯᠭᠡ ᠶᠢᠨ ᠬᠦᠳᠡᠯᠭᠡᠭᠡᠨ᠂ ᠪᠡᠶ᠎ᠡ ᠪᠠᠨ | ᠲᠠᠨᠢᠬᠤᠢ᠂ ᠪᠡᠶ᠎ᠡ ᠪᠠᠨ ᠪᠠᠷᠢᠬᠤᠢ᠂ ᠬᠦᠴᠢᠷ ᠢ ᠲᠡᠰᠪᠦᠷᠢᠯᠡᠬᠦᠢ᠂ ᠲᠠᠷᠤᠯᠳᠠ ᠶᠢ ᠬᠦᠯᠢᠴᠡᠬᠦᠢ᠂ ᠪᠤᠰᠤᠳ ᠲᠠᠢ | ᠬᠠᠷᠢᠯᠴᠠᠬᠤᠢ᠁ ᠵᠡᠷᠭᠡ ᠰᠡᠳᠬᠢᠯᠭᠡ ᠳᠤᠭᠳᠠᠭᠠᠮᠵᠢ ᠨᠢ ᠬᠡᠦᠭᠡᠳ ᠤᠨ ᠬᠦᠮᠦᠨ ᠪᠤᠯᠬᠤ ᠶᠢᠨ ᠦᠨᠳᠦᠰᠦᠨ | ᠨᠦᠭᠦᠴᠡᠯ ᠨᠢ ᠪᠤᠯᠵᠤ ᠪᠠᠶᠢᠳᠠᠭ᠃ | ᠬᠡᠦᠭᠡᠳ ᠪᠤᠯ ᠮᠠᠨ ᠤ ᠢᠷᠡᠭᠡᠳᠦᠢ ᠮᠦᠨ᠂ ᠲᠠᠩ ᠭᠠᠭᠴᠠ ᠤᠢ ᠲᠤᠭᠳᠠᠭᠠᠮᠵᠢ ᠶᠢ ᠴᠢᠬᠤᠯᠠᠴᠢᠯᠠᠬᠤ ᠴᠠᠭ | ᠦᠶ᠎ᠡ ᠬᠡᠳᠦ᠋ᠢᠨ ᠦᠩᠭᠡᠷᠡᠭᠰᠡᠨ ᠦᠨᠦᠳᠦᠷ ᠪᠢᠳᠡ ᠠᠮᠢᠳᠤᠷᠠᠯ ᠤᠨ ᠳᠤᠮᠳᠠ ᠭᠡᠦᠭᠡᠳ ᠢᠶᠠᠨ ᠰᠠᠨᠠᠭᠠᠴᠢᠯᠠᠭᠠᠲᠠᠢ ᠪᠠᠷ | ︽ᠬᠠᠯᠠ ᠲᠠᠢ ᠦᠰᠭᠡᠨ ᠬᠦᠴᠢᠷ ᠵᠤᠪᠠᠯᠠᠩ ᠠᠮᠰᠠᠭᠤᠯᠵᠤ︾᠂ ᠬᠠᠶᠢᠷ᠎ᠠ ︽ᠬᠠᠯᠠ︾ ᠶᠢ ᠤᠶᠠᠯᠳᠤᠭᠤᠯᠤᠨ᠂ ᠬᠡᠦᠭᠡᠳ | ᠲᠡᠭᠡᠨ ᠰᠡᠳᠬᠢᠯᠭᠡ ᠳᠤᠭᠳᠠᠭᠠᠮᠵᠢ ᠶᠢᠨ ᠬᠦᠮᠦᠵᠢᠯ ᠪᠤᠯᠪᠠᠰᠤᠷᠠᠯ ᠢ ᠠᠮᠢᠳᠤᠯᠢᠭ ᠬᠦᠷᠳᠡᠭᠡᠬᠦ ᠭᠡᠷᠡᠭᠲᠡᠢ᠃ ᠭᠡᠦᠭᠡᠳ ᠢ | ᠪᠡᠶ᠎ᠡ ᠪᠠᠨ ᠳᠠᠭᠠᠭᠠᠵᠤ ᠬᠦᠴᠢᠷᠳᠡᠯ ᠢ ᠳᠤᠭᠤᠯᠵᠤ ᠴᠢᠳᠠᠬᠤ᠂ ᠶᠠᠮᠠᠷ ᠤᠷᠴᠢᠨ ᠳᠤ ᠴᠤ ᠪᠡᠶ᠎ᠡ ᠪᠠᠨ ᠵᠤᠬᠢᠴᠠᠭᠤᠯᠤᠨ | ᠰᠤᠷᠤᠯᠴᠠᠨ ᠠᠮᠢᠳᠤᠷᠠᠵᠤ ᠴᠢᠳᠠᠬᠤ ᠴᠢᠳᠠᠪᠤᠷᠢ ᠲᠠᠢ ᠪᠤᠯᠭᠠᠵᠤ᠂ ᠭᠡᠦᠭᠡᠳ ᠢᠶᠠᠨ ᠦᠨᠡᠨᠬᠦ ᠪᠠᠶᠠᠷ ᠵᠢᠷᠭᠠᠯ ᠲᠠᠢ ᠬᠦᠮᠦᠨ | ᠪᠤᠯᠭᠠᠨ ᠬᠦᠮᠦᠵᠢᠬᠦᠯᠬᠦ ᠭᠡᠷᠡᠭᠲᠡᠢ᠃ |