1. ᠹᠸᠢᠢᠮᠠᠨ ᠤ ᠰᠤᠷᠬᠤ ᠠᠷᠭ᠎ᠠ | ᠨᠢᠭᠡ ᠲᠠᠷᠢᠶᠠᠴᠢᠨ ᠬᠡᠦᠬᠡᠨ ᠢᠶᠠᠨ ᠰᠤᠷᠭᠠᠭᠤᠯᠢ ᠠᠴᠠ ᠨᠢ ᠬᠠᠷᠢᠵᠤ ᠢᠷᠡᠮᠡᠭᠴᠡ᠂ ᠰᠤᠷᠭᠠᠭᠤᠯᠢ ᠳᠤ | ᠰᠣᠷᠣᠭᠰᠠᠨ ᠮᠡᠳᠡᠯᠭᠡ ᠪᠠᠨ ᠥᠪᠡᠷ ᠳᠤᠨᠢ ᠶᠠᠷᠢᠵᠤ ᠥᠭᠬᠦ ᠶᠢ ᠱᠠᠭᠠᠷᠳᠠᠳᠠᠭ ᠪᠠᠶᠢᠵᠠᠢ᠃ ᠢᠩᠭᠢᠭᠰᠡᠨ ᠠᠴᠠ ᠭᠡᠤᠭᠡᠨ ᠤ | ᠭᠢᠨᠢ ᠰᠤᠷᠤᠯᠭ᠎ᠠ ᠶᠢᠨ ᠬᠢᠷᠢ ᠪᠦᠳᠦᠮᠵᠢ ᠨᠢ ᠲᠤᠩ ᠰᠢᠯᠢᠳᠡᠭ ᠪᠣᠯᠵᠤ᠂ ᠡᠴᠤᠰ ᠲᠤ ᠪᠠᠨ ᠴᠢᠩᠬᠤᠸᠠ ᠶᠡᠭᠡ | ᠰᠤᠷᠭᠠᠭᠤᠯᠢ ᠳᠤ ᠰᠢᠯᠭᠠᠨ ᠣᠷᠤᠵᠠᠢ᠃ | ᠡᠨᠡ ᠲᠠᠷᠢᠶᠠᠴᠢᠨ᠂ ᠹᠸᠢᠢᠮᠠᠨ ᠤ ᠰᠤᠷᠤᠯᠴᠠᠬᠤ ᠠᠷᠭ᠎ᠠ ᠶᠢ ᠬᠡᠷᠡᠭᠯᠡᠭᠰᠡᠨ ᠶᠠᠪᠤᠳᠠᠯ ᠪᠣᠯᠤᠨ᠎ᠠ᠃ | ᠨᠣᠫᠧᠯ ᠤᠨ ᠱᠠᠩᠨᠠᠯ ᠬᠦᠷᠲᠡᠭᠴᠢ ᠹᠸᠢᠢᠮᠠᠨ ᠲᠤᠰ ᠠᠷᠭ᠎ᠠ ᠶᠢ ᠠᠩᠬ᠎ᠠ ᠳᠤᠷᠠᠳᠴᠤ᠂ ᠬᠤᠵᠢᠮ ᠨᠢ ᠪᠤᠰᠤᠳ | ᠭᠦᠮᠦᠨ ᠳ᠋ᠦᠩᠨᠡᠨ ᠭᠦᠭᠵᠢᠭᠦᠯᠵᠤ ᠢᠷᠡᠭᠰᠡᠨ ᠶᠤᠮ᠃ ᠲᠤᠰ ᠰᠤᠷᠬᠤ ᠠᠷᠭ᠎ᠠ ᠶᠢᠨ ᠭᠤᠣᠯ ᠵᠦᠢᠯ ᠪᠣᠯ ᠤᠷᠢᠳ ᠢᠶᠠᠷ | ᠶᠡᠭᠡ ᠬᠡᠮᠵᠢᠶᠡᠨ ᠤ ᠮᠠᠲ᠋ᠧᠷᠢᠶᠠᠯ ᠢ ᠤᠩᠰᠢᠵᠤ᠂ ᠳᠠᠷᠠᠭ᠎ᠠ ᠨᠢ ᠲᠡᠭᠦᠨ ᠤ ᠳᠣᠲᠣᠷᠠᠬᠢ ᠮᠡᠳᠡᠯᠭᠡ ᠶᠢ ᠡᠷᠢᠨ ᠣᠯᠵᠤ᠂ ᠡᠨᠡ | ᠬᠦ ᠮᠡᠳᠡᠯᠭᠡ ᠶᠢ ᠥᠪᠡᠷ ᠤᠨ ᠢᠶᠠᠨ ᠠᠷᠭ᠎ᠠ ᠮᠠᠶ᠋ᠢᠭ ᠢᠶᠠᠷ ᠲᠤᠰ ᠮᠡᠳᠡᠯᠭᠡ ᠶᠢ ᠤᠭᠲᠤ ᠤᠶᠢᠯᠠᠭᠠᠬᠤ ᠦᠭᠡᠢ ᠬᠥᠮᠦᠨ ᠳᠤ | ᠬᠡᠯᠡᠵᠦ ᠥᠭᠬᠦ ᠶᠠᠪᠤᠳᠠᠯ ᠪᠣᠯᠤᠨ᠎ᠠ᠃ ᠬᠡᠷᠪᠡ ᠨᠥᠭᠦᠭᠡ ᠭᠦᠮᠦᠨ᠂ ᠭᠡᠯᠡᠭᠰᠡᠨ ᠢ ᠨᠢ ᠤᠶᠢᠯᠠᠭᠠᠬᠤ ᠦᠭᠡᠢ ᠪᠣᠯ | ᠠᠰᠠᠭᠤᠳᠠᠯ ᠬᠠᠮᠢᠭ᠎ᠠ ᠭᠠᠷᠤᠭᠰᠠᠨ ᠢᠶᠠᠨ ᠪᠠᠶᠢᠴᠠᠭᠠᠨ ᠦᠵᠡᠵᠦ᠂ ᠳᠠᠬᠢᠨ ᠰᠤᠷᠤᠯᠴᠠᠵᠤ᠂ ᠲᠠᠪᠳᠠᠨ ᠶᠠᠷᠢᠵᠤ᠂ ᠨᠥᠭᠦᠭᠡ | ᠡᠲᠡᠭᠡᠳ ᠢᠶᠠᠨ ᠰᠤᠷᠴᠤ ᠮᠡᠳᠡᠬᠦ ᠪᠣᠯᠲᠠᠯ᠎ᠠ ᠶᠠᠷᠢᠬᠤ ᠬᠡᠷᠡᠭᠲᠡᠶ᠃ | ᠡᠭᠦᠨ ᠤ ᠳᠤ ᠳᠣᠲᠣᠷᠠᠬᠢ ᠨᠢᠭᠤᠴᠠ ᠨᠢ ᠥᠪᠡᠷ ᠤᠨ ᠰᠤᠷᠤᠭᠰᠠᠨ ᠢᠶᠠᠨ ᠭᠠᠳᠠᠭᠰᠢ ᠢᠯᠡᠷᠡᠭᠦᠯᠬᠦ ᠶᠠᠪᠤᠳᠠᠯ | ᠪᠣᠯᠤᠨ᠎ᠠ᠃ | ᠤᠤᠯ ᠠᠴᠠ ᠪᠠᠨ ᠰᠤᠷᠤᠯᠴᠠᠯᠭ᠎ᠠ ᠪᠣᠯ ᠣᠷᠣᠭᠤᠯᠬᠤ ᠶᠠᠪᠤᠴᠠ ᠪᠣᠯᠤᠨ᠎ᠠ᠃ ᠭᠡᠪᠡᠴᠦ ᠵᠥᠪᠬᠡᠨ ᠭᠠᠳᠠᠨ᠎ᠠ ᠠᠴᠠ | ᠣᠷᠣᠭᠤᠯᠤᠭᠠᠳ ᠭᠠᠳᠠᠭᠰᠢ ᠭᠠᠷᠭᠠᠬᠤ ᠦᠭᠡᠢ ᠪᠣᠯ ᠮᠡᠳᠡᠯᠭᠡ ᠶᠢ ᠦᠨᠡᠨ ᠬᠦ ᠡᠵᠡᠮᠰᠢᠬᠦ ᠶᠢᠨ ᠠᠷᠭ᠎ᠠ ᠦᠭᠡᠢ ᠶᠤᠮ᠃ | ᠭᠠᠭᠴᠠ ᠬᠦ ᠮᠡᠳᠡᠯᠭᠡ ᠶᠢ ᠥᠪᠡᠷ ᠤᠨ ᠤᠶᠢᠯᠠᠭᠠᠯᠳᠠ ᠪᠠᠷ ᠲᠡᠮᠵᠢᠭᠤᠯᠤᠨ ᠭᠠᠳᠠᠭᠰᠢ ᠭᠠᠷᠭᠠᠵᠤ ᠴᠢᠳᠠᠪᠠᠯ | ᠰᠠᠶ᠋ᠢ ᠡᠨᠡ ᠮᠡᠳᠡᠯᠭᠡ ᠶᠢ ᠡᠵᠡᠮᠰᠢᠵᠦ ᠴᠢᠳᠠᠳᠠᠭ᠃ ᠮᠡᠳᠡᠯᠭᠡ ᠶᠢ ᠳᠠᠬᠢᠨ ᠣᠷᠣᠭᠤᠯᠵᠤ ᠳᠠᠬᠢᠨ ᠭᠠᠷᠭᠠᠭᠠᠳ᠂ ᠳᠠᠬᠢᠨ | ᠲᠠᠶᠢᠯᠪᠤᠷᠢᠯᠠᠵᠤ᠂ ᠲᠠᠬᠢᠨ ᠳᠥᠭᠦᠮᠴᠢᠯᠡᠵᠦ ᠴᠢᠳᠠᠪᠠᠯ ᠰᠠᠶ᠋ᠢ ᠰᠤᠷᠤᠭᠰᠠᠨ ᠮᠡᠳᠡᠯᠭᠡ ᠨᠢ ᠲᠠᠪᠳᠠᠭᠳᠠᠵᠤ᠂ ᠬᠠᠮᠤᠭ | ᠭᠦᠨᠵᠡᠭᠡᠢ ᠰᠤᠷᠴᠤ ᠴᠢᠳᠠᠳᠠᠭ᠃ | 2.SQ3R ᠤᠨ ᠰᠤᠷᠬᠤ ᠠᠷᠭ᠎ᠠ | SQ3R ᠭᠡᠳᠡᠭ ᠨᠢ ᠲᠠᠪᠤᠨ ᠲᠥᠬᠦᠮ ᠦᠭᠡ ᠶᠢ ᠲᠥᠯᠥᠭᠡᠯᠡᠵᠦ ᠪᠠᠶᠢᠨ᠎ᠠ᠄ Sovey ︵ᠭᠦᠶᠦᠯᠭᠡᠨ | ᠦᠵᠡᠬᠦ︶᠂ Question ︵ᠠᠰᠠᠭᠤᠬᠤ︶᠂ Read ︵ᠤᠩᠰᠢᠬᠤ︶᠂ Recoe ︵ᠲᠠᠪᠳᠠᠬᠤ︶᠂ Review | ︵ᠪᠣᠯᠪᠠᠰᠤᠷᠠᠬᠤ︶᠃ ᠮᠡᠳᠡᠯᠭᠡ ᠶᠢ ᠰᠤᠷᠬᠤ ᠠᠴᠠ ᠡᠮᠦᠨ᠎ᠡ᠂ ᠠᠭᠤᠯᠭ᠎ᠠ ᠶᠢ ᠨᠢ ᠶᠡᠭᠡ ᠲᠥᠯᠥᠪ ᠨᠢᠭᠡ ᠤᠳᠠᠭ᠎ᠠ | ᠭᠦᠶᠦᠯᠭᠡᠨ ᠦᠵᠡᠵᠤ᠂ ᠭᠦᠶᠦᠯᠭᠡᠨ ᠦᠵᠡᠭᠰᠡᠨ ᠰᠠᠭᠤᠷᠢᠨ ᠳᠡᠭᠡᠷ᠎ᠡ ᠠᠰᠠᠭᠤᠳᠠᠯ ᠢᠶᠠᠨ ᠲᠤᠷᠠᠳᠤᠨ᠎ᠠ᠃ ᠡᠨᠡ ᠨᠢ | ᠶᠠᠭᠤ ᠶᠢ ᠶᠠᠷᠢᠵᠤ᠂ ᠶᠠᠮᠠᠷ ᠠᠰᠠᠭᠤᠳᠠᠯ ᠢ ᠰᠢᠢᠳᠪᠦᠷᠢᠯᠡᠬᠦ ᠪᠠᠷ ᠪᠠᠶᠢᠬᠤ ᠪᠠᠨ ᠲᠤᠭᠳᠠᠭᠠᠨ᠎ᠠ᠃ | ᠳᠠᠷᠠᠭ᠎ᠠ ᠨᠢ ᠡᠨᠡ ᠠᠰᠠᠭᠤᠳᠠᠯ ᠤᠨ ᠲᠣᠭᠤᠷᠢᠨ ᠳᠤ ᠭᠦᠨᠵᠡᠭᠡᠶ ᠤᠩᠰᠢᠨ᠎ᠠ᠃ ᠤᠩᠰᠢᠬᠤ ᠪᠠᠷ ᠳᠠᠮᠵᠢᠨ | ᠬᠠᠷᠢᠭᠤᠯᠲᠠ ᠶᠢ ᠨᠢ ᠡᠷᠢᠵᠦ ᠣᠯᠣᠨ᠎ᠠ᠃ ᠳᠠᠷᠠᠭ᠎ᠠ ᠨᠢ ᠨᠣᠮ ᠢᠶᠠᠨ ᠬᠠᠭᠠᠵᠤ᠂ ᠡᠨᠡ ᠨᠣᠮ ᠳᠤ ᠶᠠᠭᠤ ᠭᠡᠵᠦ ᠬᠡᠯᠡᠭᠰᠡᠨ ᠢ | ᠳᠠᠪᠲᠠᠨ ᠶᠠᠷᠢᠵᠤ᠂ ᠲᠠᠷᠠᠭ᠎ᠠ ᠨᠢ ᠶᠠᠮᠠᠷ ᠠᠰᠠᠭᠤᠳᠠᠯ ᠪᠠᠢᠬᠤ᠂ ᠡᠨᠡ ᠨᠣᠮ ᠢ ᠶᠠᠭᠠᠬᠢᠵᠤ ᠰᠢᠢᠳᠪᠦᠷᠢᠯᠡᠵᠦ ᠪᠠᠶᠢᠬᠤ ᠶᠢ | ᠪᠣᠳᠤᠨ᠎ᠠ᠃ ᠬᠠᠮᠤᠭ ᠰᠡᠭᠦᠯ ᠳᠤ ᠨᠢ ᠪᠣᠯᠪᠠᠰᠤᠷᠠᠵᠤ᠂ ᠰᠤᠷᠤᠯᠴᠠᠯᠭ᠎ᠠ ᠶᠢᠨ ᠦᠷ᠎ᠡ ᠪᠦᠲᠦᠭᠡᠯ ᠢᠶᠠᠨ ᠪᠠᠲᠤᠳᠬᠠᠨ᠎ᠠ᠃ | 3. ᠰᠢᠮᠤᠨ ᠤ ᠰᠤᠷᠬᠤ ᠠᠷᠭ᠎ᠠ | ᠲᠤᠰ ᠠᠷᠭ᠎ᠠ ᠶᠢ ᠨᠣᠫᠧᠯ ᠤᠨ ᠠᠵᠤ ᠠᠬᠤᠢ ᠶᠢᠨ ᠤᠬᠠᠭᠠᠨ ᠤ ᠱᠠᠩᠨᠠᠯ ᠬᠦᠷᠲᠡᠭᠴᠢ ᠰᠢᠮᠤᠨ ᠫᠷᠣᠹᠧᠰᠰᠣᠷ | ᠳᠤᠷᠠᠳᠴᠤ ᠭᠠᠷᠭᠠᠭᠰᠠᠨ ᠶᠤᠮ᠃ ︽ᠵᠣᠬᠢᠬᠤ ᠰᠤᠷᠤᠯᠴᠠᠯᠭ᠎ᠠ ᠶᠢᠨ ᠰᠠᠭᠤᠷᠢ ᠲᠠᠢ ᠬᠥᠮᠦᠨ᠂ ᠦᠨᠡᠨ | ᠰᠡᠳᠭᠢᠯ ᠠᠴᠠ ᠪᠠᠨ ᠶᠠᠮᠠᠷ ᠨᠢᠭᠡ ᠮᠡᠳᠡᠯᠭᠡ ᠶᠢ ᠴᠤ ᠭᠦᠴᠦ ᠲᠠᠯᠪᠢᠵᠤ ᠰᠤᠷᠤᠯᠴᠠᠪᠠᠯ 6 ᠰᠠᠷ᠎ᠠ ᠶᠢᠨ ᠳᠣᠲᠣᠷ᠎ᠠ | ᠪᠦᠬᠦᠨ ᠢ ᠨᠢ ᠡᠵᠡᠮᠰᠢᠵᠦ ᠲᠠᠶᠢᠯᠦᠨ᠎ᠠ︾ ᠭᠡᠮᠡᠨ ᠶᠠᠷᠢᠪᠠ᠃ | ᠡᠨᠡ ᠬᠤᠷᠳᠤᠴᠠ ᠬᠥᠮᠦᠨ ᠢ ᠰᠣᠴᠢᠭᠠᠮ᠎ᠠ᠂ ᠲᠡᠭᠡᠪᠡᠯ ᠶᠠᠭᠠᠬᠢᠵᠤ ᠭᠦᠢᠴᠡᠳᠬᠡᠵᠤ ᠴᠢᠳᠠᠬᠤ ᠪᠤᠢ︖ | ᠪᠦᠬᠦ ᠬᠦᠴᠦᠨ ᠢᠶᠠᠨ ᠲᠥᠪᠯᠡᠷᠡᠭᠦᠯᠦᠨ ᠰᠢᠪᠳᠦᠯᠦᠯᠳᠡ ᠬᠢᠬᠦ ᠶᠠᠪᠤᠳᠠᠯ ᠪᠣᠯᠤᠨ᠎ᠠ᠃ ᠰᠢᠮᠤᠨ ᠤ ᠦᠵᠡᠬᠦ ᠪᠠᠷ | ᠨᠢᠭᠡ ᠲᠥᠷᠥᠯ ᠤᠨ ᠡᠷᠳᠡᠮ ᠮᠡᠳᠡᠯᠭᠡ ᠨᠢ ᠪᠠᠷᠤᠭ ᠲᠠᠪᠤᠨ ᠲᠦᠮᠡᠨ ᠰᠤᠷᠠᠭ ᠵᠠᠩᠭᠢ ᠶᠢᠨ ᠬᠡᠰᠡᠭ ᠲᠠᠢ᠂ ᠨᠢᠭᠡ ᠬᠥᠮᠦᠨ | ᠨᠢᠭᠡ ᠰᠤᠷᠠᠭ ᠵᠠᠩᠭᠢ ᠶᠢᠨ ᠬᠡᠰᠡᠭ ᠢ ᠴᠡᠭᠡᠵᠢᠯᠡᠬᠦ ᠳᠤ ᠪᠠᠷᠤᠭ 1.5 ᠮᠢᠨᠦ᠋ᠲ ᠬᠡᠷᠡᠭᠰᠡᠳᠡᠭ᠂ ᠲᠠᠪᠤᠨ ᠲᠦᠮᠡᠨ ᠬᠡᠰᠡᠭ ᠢ | ᠴᠡᠭᠡᠵᠢᠯᠡᠬᠦ ᠳᠤ ᠪᠠᠷᠤᠭ ᠮᠢᠩᠭᠠᠨ ᠴᠠᠭ ᠬᠡᠷᠡᠭᠰᠡᠨ᠎ᠡ᠂ ᠨᠢᠭᠡ ᠭᠠᠷᠠᠭ ᠲᠤ ᠳᠥᠴᠢᠨ ᠴᠠᠭ ᠰᠤᠷᠤᠯᠴᠠᠬᠤ ᠪᠠᠷ ᠪᠣᠳᠤᠪᠠᠯ | ᠵᠢᠷᠭᠤᠭᠠᠨ ᠰᠠᠷ᠎ᠠ ᠳᠤ ᠴᠡᠭᠡᠵᠢᠯᠡᠭᠡᠳ ᠪᠠᠷᠠᠴᠢᠬᠠᠨ᠎ᠠ᠃ | ᠠᠩᠬᠠᠷᠤᠭᠤᠰᠢᠲᠠᠶ ᠨᠢ᠂ ᠵᠢᠷᠭᠤᠭᠠᠨ ᠰᠠᠷ᠎ᠠ ᠳᠤ ᠡᠷᠬᠡᠪᠰᠢ ᠪᠦᠬᠦ ᠠᠩᠬᠠᠷᠤᠯ ᠢᠶᠠᠨ ᠨᠢᠭᠡ ᠵᠦᠢᠯ ᠤᠨ | ᠰᠤᠷᠤᠯᠴᠠᠯᠭ᠎ᠠ ᠳᠤ ᠲᠥᠪᠯᠡᠷᠡᠭᠦᠯᠬᠦ ᠬᠡᠷᠡᠭᠲᠡᠢ᠃ ᠬᠡᠳᠡᠯ᠎ᠠ ᠣᠳᠣᠬᠠᠨ ᠤ ᠰᠤᠷᠭᠠᠭᠤᠯᠢ ᠶᠢᠨ ᠰᠤᠷᠤᠯᠴᠠᠯᠭ᠎ᠠ ᠪᠣᠯ | ᠦᠨᠡᠨ ᠳᠤ ᠪᠠᠨ ᠲᠠᠷᠠᠬᠠᠶ ᠪᠤᠲᠠᠷᠬᠠᠶ ᠪᠠᠶᠢᠵᠤ᠂ ᠤᠯᠠᠨ ᠲᠥᠷᠦᠯ ᠢ ᠰᠤᠷᠴᠤ ᠪᠤᠢ᠃ ᠢᠩᠭᠢᠭᠰᠡᠨ ᠠᠴᠠ ᠨᠢᠭᠡ | ᠲᠥᠷᠦᠯ ᠳᠤ ᠭᠦᠴᠤ ᠪᠠᠨ ᠲᠥᠪᠯᠡᠷᠡᠭᠦᠯᠦᠨ ᠰᠢᠪᠳᠤᠯᠤᠯᠳᠠ ᠬᠢᠬᠦ ᠠᠷᠭ᠎ᠠ ᠦᠭᠡᠢ ᠪᠣᠯᠪᠠ᠃ ᠥᠩᠭᠡᠷᠡᠭᠰᠡᠨ ᠳᠤ | ᠵᠠᠷᠢᠮ ᠰᠤᠷᠤᠭᠴᠢ ᠵᠢᠷᠭᠤᠭᠠᠨ ᠰᠠᠷ᠎ᠠ ᠶᠢᠨ ᠬᠤᠭᠤᠴᠠᠭ᠎ᠠ ᠵᠠᠷᠤᠴᠠᠭᠤᠯᠵᠤ ᠲᠣᠭᠠᠨ ᠤ ᠤᠬᠠᠭᠠᠨ ᠢ ᠲᠤᠰᠬᠠᠶᠢᠯᠠᠨ | ᠰᠤᠷᠤᠯᠴᠠᠭᠰᠠᠨ ᠳᠤ ᠲᠣᠭᠠᠨ ᠤ ᠤᠬᠠᠭᠠᠨ ᠤ ᠬᠢᠷᠢ ᠪᠦᠲᠦᠮᠵᠢ ᠨᠢ ᠮᠠᠰᠢ ᠲᠦᠷᠭᠡᠨ ᠲᠡᠭᠡᠭᠰᠢᠯᠡᠪᠡ᠃ ᠲᠣᠭᠠᠨ ᠤ | ᠣᠬᠠᠭᠠᠨ ᠬᠢᠷᠢ ᠪᠦᠳᠦᠮᠵᠢ ᠳᠡᠭᠡᠭᠰᠢᠯᠡᠭᠰᠡᠨ ᠤ ᠳᠠᠷᠠᠭ᠎ᠠ᠂ ᠲᠠᠬᠢᠭᠠᠳ ᠹᠢᠽᠢᠺ ᠬᠢᠮᠢ ᠵᠡᠷᠭᠡ ᠶᠢ ᠰᠤᠷᠴᠤ᠂ ᠭᠢᠴᠢᠶᠡᠯ | ᠲᠥᠷᠦᠯ ᠪᠦᠷᠢ ᠪᠠᠨ ᠨᠢᠭᠡ ᠨᠢᠭᠡ ᠪᠠᠷ ᠰᠤᠷᠴᠤ ᠲᠠᠭᠤᠰᠬᠠᠪᠠ᠃ | ᠲᠤᠰ ᠰᠤᠷᠬᠤ ᠠᠷᠭ᠎ᠠ ᠨᠢ ᠲᠥᠪᠯᠡᠷᠡᠭᠦᠯᠦᠨ ᠰᠤᠷᠤᠯᠴᠠᠵᠤ᠂ ᠭᠤᠤᠯᠳᠠᠯᠭ᠎ᠠ ᠲᠠᠢ ᠪᠠᠷ ᠰᠢᠪᠲᠤᠯᠤᠯᠳᠡ ᠬᠢᠬᠦ ᠳᠤ | ᠰᠠᠶᠢᠨ ᠪᠠᠶᠢᠳᠠᠭ᠃ᠳᠤᠲᠠᠭᠳᠠᠯ ᠲᠠᠢ ᠲᠠᠯ᠎ᠠ ᠭᠡᠪᠡᠯ᠂ ᠥᠭᠡᠷ᠎ᠡ ᠲᠥᠷᠦᠯ ᠢ ᠰᠤᠷᠬᠤ ᠳᠤ ᠡᠮᠦᠨᠡᠬᠢ ᠴᠡᠭᠡᠵᠢᠯᠡᠭᠰᠡᠨ | ᠵᠦᠢᠯ ᠢᠶᠠᠨ ᠮᠠᠷᠳᠠᠴᠢᠬᠠᠳᠠᠭ᠃ | 4.ᠰᠡᠳᠭᠢᠬᠦᠢ ᠶᠢᠨ ᠵᠢᠷᠤᠭ ᠢᠶᠠᠷ ᠰᠤᠷᠬᠤ ᠠᠷᠭ᠎ᠠ | ᠲᠤᠰ ᠠᠷᠭ᠎ᠠ ᠨᠢ ᠣᠳᠣᠬᠠᠨ ᠳᠤ ᠬᠠᠮᠤᠭ ᠤᠨ ᠭᠦᠭᠵᠢᠶᠠᠨᠳᠠᠢ ᠰᠤᠷᠬᠤ ᠠᠷᠭ᠎ᠠ ᠶᠢᠨ ᠨᠢᠭᠡ ᠨᠢ ᠪᠣᠯᠵᠤ ᠪᠤᠢ᠃ | ᠲᠤᠰ ᠠᠷᠭ᠎ᠠ ᠶᠢ ᠠᠩᠭ᠍ᠯᠢ ᠶᠢᠨ ᠲᠦᠸᠧᠨᠢ ᠪᠦᠽᠠᠨ ᠰᠤᠳᠤᠯᠤᠨ ᠭᠠᠷᠭᠠᠪᠠ᠃ ᠲᠤᠰ ᠠᠷᠭ᠎ᠠ ᠨᠢ ᠲᠤᠰᠬᠠᠶᠢᠯᠠᠨ | ᠪᠤᠰᠤᠳ ᠢ ᠬᠠᠪᠰᠤᠷᠴᠤ ᠴᠡᠭᠡᠵᠢᠯᠡᠬᠦ ᠴᠢᠳᠠᠪᠤᠷᠢ ᠶᠢ ᠲᠡᠭᠡᠭᠰᠢᠯᠡᠬᠦᠯᠬᠦ ᠳᠤ ᠲᠤᠩ ᠠᠰᠢᠭ ᠲᠠᠢ ᠪᠠᠶᠢᠳᠠᠭ᠃ |