ᠬᠡᠥᠬᠡᠳ ᠤᠨ ᠬᠦᠭᠵᠢᠯᠳᠡ ᠳᠠᠬᠢ ᠤᠷᠴᠢᠨ ᠲᠤᠭᠤᠷᠢᠨ ᠤ ᠨᠦᠯᠦᠭᠡ
ᠨᠡᠶᠢᠲᠡᠯᠡᠭᠰᠡᠨ ᠴᠠᠭ᠄
2023/9/25
     ᠣᠷᠴᠢᠨ ᠲᠤᠭᠤᠷᠢᠨ ᠭᠡᠳᠡᠭ ᠨᠢ ᠲᠡᠯᠭᠡᠷᠡᠩᠭᠦᠢ ᠤᠳᠬ᠎ᠠ ᠠᠴᠠ ᠬᠡᠯᠡᠪᠡᠯ ᠬᠦᠮᠦᠰ ᠤᠨ ᠤᠷᠴᠢᠨ ᠲᠤᠭᠤᠷᠢᠨ  ᠤ ᠪᠤᠢ ᠪᠦᠬᠦᠢ ᠬᠡᠷᠡᠭ ᠪᠤᠳᠠᠰ ᠢ ᠬᠡᠯᠡᠨ᠎ᠡ᠃ ᠲᠡᠭᠦᠨ ᠤ ᠪᠠᠶᠢᠭᠠᠯᠢ ᠶᠢᠨ ᠤᠷᠴᠢᠨ ᠲᠤᠭᠤᠷᠢᠨ ᠪᠠ ᠨᠡᠶᠢᠭᠡᠮ ᠤᠨ ᠤᠷᠴᠢᠨ ᠲᠤᠭᠤᠷᠢᠨ ᠭᠡᠵᠤ ᠬᠤᠶᠠᠷ ᠲᠠᠯ᠎ᠠ ᠪᠠᠶᠢᠳᠠᠭ᠃ ᠬᠦᠮᠦᠨ ᠬᠦᠭᠵᠢᠯᠳᠡ ᠳᠤ ᠴᠢᠬᠤᠯᠠ ᠦᠢᠯᠡᠳᠦᠯ ᠦᠵᠡᠭᠦᠯᠳᠡᠭ ᠨᠢ ᠨᠡᠶᠢᠭᠡᠮ ᠤᠨ ᠤᠷᠴᠢᠨ ᠲᠤᠭᠤᠷᠢᠨ ᠪᠤᠯᠤᠨ᠎ᠠ᠃ ᠨᠡᠶᠢᠭᠡᠮ ᠤᠨ ᠤᠷᠴᠢᠨ ᠲᠤᠭᠤᠷᠢᠨ ᠳᠤ ᠪᠠᠰᠠ ᠨᠡᠶᠢᠭᠡᠮ ᠤᠨ ᠬᠠᠷᠢᠴᠠᠭ᠎ᠠ᠂ ᠰᠤᠷᠭᠠᠨ ᠬᠦᠮᠦᠵᠢᠯ᠂ ᠨᠡᠶᠢᠭᠡᠮ ᠤᠨ ᠵᠠᠩ ᠮᠤᠷᠠᠯ᠂ ᠰᠤᠷᠲᠠᠯ ᠵᠢᠴᠢ ᠭᠡᠷ ᠪᠦᠯᠢ ᠵᠡᠷᠭᠡ ᠪᠤᠢ᠃      ᠤᠷᠴᠢᠨ ᠲᠤᠭᠤᠷᠢᠨ ᠤ ᠨᠦᠯᠦᠭᠡ ᠬᠡᠳᠦᠶᠢᠪᠡᠷ ᠠᠶᠠᠨᠳᠠᠭᠠᠨ ᠪᠠᠶᠢᠳᠠᠭ ᠪᠤᠯᠪᠠᠴᠤ᠂ ᠬᠡᠥᠬᠡᠳ ᠤᠨ ᠪᠤᠶᠢᠵᠢᠯᠳᠠ  ᠳᠤ ᠲᠤᠩ ᠴᠢᠬᠤᠯᠠ ᠨᠦᠯᠦᠭᠡ ᠪᠠ ᠦᠢᠯᠡᠳᠦᠯ ᠦᠵᠡᠭᠦᠯᠳᠡᠭ᠃ ᠪᠠᠭᠠᠴᠤᠳ ᠬᠡᠥᠬᠡᠳ ᠮᠡᠳᠡᠯᠭᠡ ᠮᠡᠭᠦᠰ᠂ ᠲᠤᠷᠰᠢᠯᠭ᠎ᠠ ᠲᠤᠶᠢᠯᠳᠠᠮᠠᠭᠴᠠ᠂ ᠢᠯᠭᠠᠨ ᠲᠠᠨᠢᠬᠤ ᠴᠢᠳᠠᠪᠤᠷᠢ ᠲᠤᠷᠤᠢ᠂ ᠲᠠᠭᠤᠷᠢᠶᠠᠬᠤ ᠲᠤᠷᠠᠳᠠᠢ᠂ ᠨᠦᠯᠦᠭᠡᠯᠡᠭᠳᠡᠬᠦ ᠳᠤ ᠬᠢᠯᠪᠠᠷ ᠪᠠᠶᠢᠳᠠᠭ ᠪᠤᠯᠬᠤᠷ ᠤᠷᠴᠢᠨ ᠲᠤᠭᠤᠷᠢᠨ ᠨᠢ ᠬᠡᠥᠬᠡᠳ ᠲᠤ ᠢᠳᠡᠭ ᠢᠳᠡᠭ ᠢᠶᠠᠷ᠂ ᠦᠯᠦ ᠮᠡᠳᠡᠭᠳᠡᠮ᠎ᠡ ᠦᠢᠯᠡᠳᠦᠯ  ᠢᠶᠠᠨ ᠦᠵᠡᠭᠦᠯᠳᠡᠭ ᠪᠢᠯᠡ᠃ ︽ᠰᠠᠶᠢᠨ ᠲᠠᠢ ᠨᠦᠬᠦᠷᠯᠡᠪᠡᠯ ᠰᠠᠷᠠᠨ ᠤ ᠭᠡᠷᠡᠯ᠂ ᠮᠠᠭᠤ ᠲᠠᠢ ᠨᠦᠬᠦᠷᠯᠡᠪᠡᠯ ᠮᠤᠭᠠᠢ ᠶᠢᠨ ᠬᠤᠥᠷ︾ ᠭᠡᠳᠡᠭ ᠦᠭᠡ ᠪᠤᠯ ᠬᠦᠮᠦᠨ ᠳᠤ ᠦᠵᠡᠭᠦᠯᠬᠦ ᠤᠷᠴᠢᠨ ᠲᠤᠭᠤᠷᠢᠨ ᠤ ᠨᠦᠯᠦᠭᠡ ᠶᠢ ᠲᠦᠷᠰᠦᠯᠢᠭ ᠢᠶᠠᠷ ᠢᠯᠡᠳᠭᠡᠭᠰᠡᠨ ᠪᠠᠶᠢᠨ᠎ᠠ᠃ ᠬᠡᠥᠬᠡᠳ ᠰᠠᠶ᠋ᠢ ᠶᠢᠷᠳᠢᠨᠴᠤ ᠳᠤ ᠪᠤᠢ ᠪᠤᠯᠬᠤ ᠳᠤ ᠪᠦᠷ ᠠᠳᠠᠯᠢ ᠪᠠᠶᠢᠳᠠᠭ᠂ ᠭᠡᠳᠡᠯ᠎ᠡ ᠬᠤᠵᠢᠮ ᠨᠢ ᠠᠪᠤ ᠡᠵᠢ ᠶᠢᠨ ᠨᠦᠯᠦᠭᠡ᠂ ᠨᠡᠶᠢᠭᠡᠮ ᠤᠨ ᠤᠷᠴᠢᠨ ᠲᠤᠭᠤᠷᠢᠨ ᠤ ᠨᠦᠯᠦᠭᠡ᠂ ᠦᠵᠡᠯ ᠰᠠᠨᠠᠭ᠎ᠠ᠂ ᠦᠵᠡᠯᠳᠡ ᠪᠠ ᠦᠢᠯᠡ ᠠᠵᠢᠯᠯᠠᠭ᠎ᠠ᠂ ᠵᠠᠩ ᠲᠠᠳᠬᠠᠯ ᠠᠴᠠ ᠢᠳᠡᠭ ᠢᠳᠡᠭ ᠢᠶᠠᠷ ᠠᠳᠠᠯᠢ ᠪᠤᠰᠤ ᠶᠢᠨ ᠬᠡᠥᠬᠡᠳ ᠠᠳᠠᠯᠢ ᠪᠤᠰᠤ ᠶᠢᠨ ᠵᠠᠩ ᠮᠤᠷᠠᠯ ᠰᠤᠷᠲᠠᠯ᠂ ᠠᠳᠠᠯᠢ ᠪᠤᠰᠤ ᠶᠢᠨ ᠬᠡᠪ ᠴᠢᠨᠠᠷ ᠲᠠᠢ ᠪᠤᠯᠠᠳᠠᠭ᠃      ᠨᠡᠶᠢᠭᠡᠮ ᠤᠷᠴᠢᠨ ᠲᠤᠭᠤᠷᠢᠨ ᠠᠴᠠ ᠬᠦᠮᠦᠨ ᠤ ᠬᠦᠭᠵᠢᠯᠳᠡ ᠳᠤ ᠦᠵᠡᠭᠦᠯᠬᠦ ᠦᠢᠯᠡᠳᠦᠯ ᠨᠢ ᠭᠠᠭᠴᠠ ᠬᠦ ᠬᠦᠮᠦᠨ ᠤ ᠦᠢᠯᠡᠳᠦᠯᠭᠡ ᠪᠤᠯᠤᠨ ᠪᠡᠶᠡᠴᠢ ᠴᠢᠷᠮᠠᠶᠢᠯᠳᠠ ᠪᠠᠷ ᠲᠠᠮᠵᠢᠨ ᠪᠡᠶᠡᠯᠡᠭᠳᠡᠨ᠎ᠡ᠃ ᠡᠶᠢᠮᠦ ᠠᠴᠠ᠂ ᠬᠦᠮᠦᠨ ᠤ ᠴᠢᠳᠠᠮᠠᠭᠠᠢ ᠴᠢᠨᠠᠷ ᠢ ᠬᠦᠩᠭᠡᠪᠴᠢᠯᠡᠵᠤ ᠬᠦᠮᠦᠨ ᠢ ᠤᠷᠴᠢᠨ ᠲᠤᠭᠤᠷᠢᠨ ᠳᠠᠭᠠᠨ ᠨᠠᠵᠠᠭᠠᠢ ᠪᠠᠷ ᠵᠤᠬᠢᠴᠠᠭᠴᠢ ᠭᠡᠵᠤ ᠦᠵᠡᠳᠡᠭ ︽ᠤᠷᠴᠢᠨ ᠲᠤᠭᠤᠷᠢᠨ ᠢᠶᠠᠷ ᠰᠢᠢᠳᠪᠦᠷᠢᠯᠡᠭᠳᠡᠬᠦ ᠤᠨᠤᠯ︾ ᠪᠤᠯ ᠪᠦᠷᠢᠮᠦᠰᠦᠨ ᠪᠤᠷᠤᠭᠤ ᠶᠤᠮ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号