ᠬᠦᠮᠦᠰ ᠤᠨ ᠬᠠᠷᠢᠯᠴᠠᠭᠠᠨ ᠳᠤ ᠬᠠᠷᠢᠯᠴᠠᠬᠤ ᠡᠲᠡᠭᠡᠳ᠂ ᠴᠠᠭ ᠤᠨ ᠠᠳᠠᠯᠢ ᠦᠭᠡᠢ ᠠᠴᠠ ᠪᠤᠯᠵᠤ᠂ | ᠮᠡᠨᠳᠦᠴᠢᠯᠡᠭᠡᠨ ᠴᠦ ᠠᠳᠠᠯᠢ ᠪᠤᠰᠤ ᠪᠠᠶᠢᠳᠠᠭ᠃ ᠵᠦᠪ ᠰᠠᠶᠢᠬᠠᠨ ᠮᠡᠨᠳᠦᠴᠢᠯᠡᠯ ᠬᠦᠮᠦᠰ ᠲᠤ ᠰᠠᠶᠢᠨ ᠰᠠᠶᠢᠬᠠᠨ | ᠨᠦᠯᠦᠭᠡ ᠲᠤᠰᠬᠠᠯ ᠦᠭᠳᠡᠭ ᠪᠠᠶᠢᠨ᠎ᠠ᠃ ᠠᠳᠡ ᠮᠡᠨᠳᠦᠴᠢᠯᠡᠯ ᠤᠨ ᠲᠤᠬᠠᠢ ᠦᠪᠡᠷ ᠤᠨ ᠦᠵᠡᠯᠲᠡ ᠪᠠᠨ ᠳᠡᠯᠭᠡᠶ᠎ᠡ᠂ | ᠰᠢᠭᠦᠮᠵᠢᠯᠡᠨ ᠤᠩᠰᠢᠭᠠᠷᠠᠢ︕ | ᠮᠠᠨ ᠤ ᠡᠪᠦᠭᠡ ᠳᠡᠭᠡᠳᠦᠰ ᠲᠤ ᠬᠤᠯᠪᠤᠭ᠎ᠠ ᠬᠤᠷᠰᠢᠶ᠎ᠡ ᠲᠠᠢ ᠰᠢᠯᠦᠭᠯᠡᠴᠢᠬᠡᠭᠰᠡᠨ ᠭᠤᠴᠤ ᠰᠠᠶᠢᠬᠠᠨ | ᠮᠡᠨᠳᠦᠴᠢᠯᠡᠯ ᠪᠠᠶᠢᠭᠰᠠᠨ ᠭᠡᠭᠴᠢ ᠶᠢ ᠠᠳᠡ ᠶᠠᠷᠢᠬᠤ ᠦᠭᠡᠢ᠃ ᠮᠠᠨ ᠤ ᠦᠶ᠎ᠡ ᠳᠤ ᠬᠦᠷᠴᠦ ᠢᠷᠡᠭᠡᠳ ᠵᠠᠷᠢᠮ | ᠮᠡᠨᠳᠦᠴᠢᠯᠡᠯ ᠤᠯᠠᠮᠵᠢᠯᠠᠭᠳᠠᠭᠠ ᠦᠭᠡᠢ ᠬᠠᠶᠠᠭᠳᠠᠬᠤ ᠨᠢ ᠬᠠᠶᠠᠭᠳᠠᠵᠤ᠂ ᠰᠢᠨᠡᠴᠢᠯᠡᠭᠳᠡᠬᠦ ᠨᠢ ᠰᠢᠨᠡᠴᠢᠯᠡᠭᠳᠡᠵᠦ ᠪᠠᠶᠢᠭ᠎ᠠ᠃ | ᠤᠳᠤ ︽ᠦᠷᠯᠦᠭᠡᠨ ᠤ ᠬᠠᠯᠠᠭᠤᠨ ᠮᠡᠨᠳᠦ ᠬᠦᠷᠭᠡᠶ᠎ᠡ︾ ᠭᠡᠳᠡᠭ ᠮᠡᠨᠳᠦᠴᠢᠯᠡᠯ ᠶᠡᠬᠡᠬᠡᠨ ᠭᠠᠵᠠᠷ ᠠᠪᠴᠤ ᠪᠠᠶᠢᠭ᠎ᠠ᠃ | ᠡᠭᠦᠨ ᠤ ᠲᠤᠬᠠᠢ ᠬᠡᠯᠡᠬᠦ ᠠᠴᠠ ᠡᠮᠦᠨ᠎ᠡ ︽ᠪᠢ ᠲᠡᠭᠦᠨ ᠳᠤ ᠨᠤᠮ ᠬᠦᠷᠭᠡᠶ᠎ᠡ︾ ᠭᠡᠳᠡᠭ ᠦᠭᠦᠯᠡᠪᠦᠷᠢ ᠪᠠᠷ ᠵᠢᠱᠢᠶᠡᠯᠡᠶ᠎ᠡ᠃ | ᠡᠭᠦᠨ ᠳᠤ ︽ᠨᠤᠮ ᠢᠶᠠᠨ ᠪᠤᠰᠤᠳ ᠲᠤ ᠬᠦᠷᠭᠡᠵᠦ ᠦᠭᠬᠦᠶ᠎ᠡ︾ ᠭᠡᠳᠡᠭ ᠰᠠᠨᠠᠭ᠎ᠠ ᠲᠠᠢ ᠰᠢᠤ᠃ ᠢᠩᠭᠢᠵᠦ | ᠬᠠᠷᠢᠴᠠᠭᠤᠯᠵᠤ ᠦᠵᠡᠪᠡᠯ ︽ᠮᠡᠨᠳᠦ ᠬᠦᠷᠭᠡᠶ᠎ᠡ︾ ᠭᠡᠳᠡᠭ ᠪᠤᠯ ︽ᠮᠡᠨᠳᠦ ᠪᠠᠨ ᠪᠤᠰᠤᠳ ᠲᠤ ᠬᠦᠷᠭᠡᠵᠦ ᠦᠭᠭᠦᠶ᠎ᠡ︾ | ᠭᠡᠳᠡᠭ ᠰᠠᠨᠠᠭ᠎ᠠ ᠲᠠᠢ ᠭᠡᠬᠦ ᠠᠴᠠ ᠦᠪᠡᠷ ᠤᠨ ᠮᠡᠨᠳᠦ ᠪᠠᠨ ᠪᠤᠰᠤᠳ ᠲᠤ ᠮᠡᠳᠡᠭᠦᠯᠵᠦ ᠪᠠᠶᠢᠭ᠎ᠠ ᠰᠠᠨᠠᠭ᠎ᠠ ᠭᠦᠨ | ᠠᠬᠤᠭᠤᠯᠤᠭᠳᠠᠵᠤ ᠪᠤᠢ᠃ ᠮᠡᠨᠳᠦᠴᠢᠯᠡᠴᠢᠬᠡᠪᠡᠯ ᠪᠤᠯᠴᠢᠬᠠᠭᠰᠠᠨ ᠤᠴᠢᠷ ᠡ᠂ ᠮᠡᠨᠳᠦᠴᠢᠯᠡᠯ ᠳᠤ ᠤᠷᠢᠳ ᠢᠶᠠᠷ ᠮᠡᠨᠳᠦ | ᠶᠢ ᠨᠢ ᠠᠰᠠᠭᠤᠬᠤ ᠬᠡᠷᠡᠭᠳᠡᠢ᠃ ᠳᠠᠷᠠᠭ᠎ᠠ ᠨᠢ ᠨᠦᠭᠦᠭᠡ ᠡᠲᠡᠭᠡᠳ ᠴᠢᠨᠢ ᠮᠡᠨᠳᠦ ᠪᠠᠨ ᠮᠡᠳᠡᠭᠦᠯᠦᠨ᠎ᠡ᠃ ᠭᠤᠳ᠋ᠭᠠᠷ ᠲᠤ | ᠨᠦᠭᠦᠭᠡ ᠡᠲᠡᠭᠡᠳ ᠴᠢᠨᠢ ᠮᠡᠨᠳᠦ ᠶᠢ ᠴᠢᠨᠢ ᠠᠰᠠᠭᠤᠬᠤ ᠵᠡᠷᠭᠡ ᠳᠡᠰ ᠳᠠᠷᠠᠭ᠎ᠠ ᠪᠠᠷ ᠶᠠᠪᠤᠭᠳᠠᠨ᠎ᠠ᠃ ᠡᠶᠢᠮᠦ ᠠᠴᠠ | ᠪᠤᠰᠤᠳ ᠤᠨ ᠮᠡᠨᠳᠦ ᠶᠢ ᠮᠡᠳᠡᠭᠡ ᠦᠭᠡᠢ ᠪᠠᠷ ᠪᠤᠰᠤᠳ ᠲᠤ ᠦᠪᠡᠷ ᠤᠨ ᠮᠡᠨᠳᠦ ᠪᠠᠨ ᠮᠡᠳᠡᠭᠦᠯᠦᠭᠰᠡᠨ ᠤᠴᠢᠷ | ᠬᠦᠨᠳᠦᠯᠡᠬᠦ ᠮᠡᠨᠳᠦᠯᠡᠬᠦ ᠶᠤᠰᠤᠨ ᠳᠤ ᠨᠡᠶᠢᠴᠡᠬᠦ ᠦᠭᠡᠢ᠃ ᠡᠶᠢᠮᠦ ᠳᠤ ᠮᠡᠨᠳᠦ ᠬᠦᠷᠭᠡᠬᠦ ᠪᠠᠷ ᠢᠶᠠᠨ ᠮᠡᠨᠳᠦ ᠶᠢ ᠨᠢ | ᠮᠡᠳᠡᠵᠦ ᠪᠠᠶᠢᠶ᠎ᠠ︕ ︽ᠮᠡᠨᠳᠦ ᠤᠤ︖︾ ︽ᠰᠠᠶᠢᠨ ᠪᠠᠶᠢᠨ᠎ᠠ ᠤᠤ︖︾ ᠭᠡᠳᠡᠭ ᠪᠤᠯ ᠮᠡᠨᠳᠦᠴᠢᠯᠡᠯ ᠮᠦᠨ ᠡ︕ | ᠬᠦᠮᠦᠰ ᠰᠠᠨᠠᠭᠠᠴᠢᠯᠠᠭ᠎ᠠ ᠲᠠᠢ ᠰᠠᠨᠠᠭᠠᠴᠢᠯᠠᠭ᠎ᠠ ᠦᠭᠡᠢ ᠪᠠᠷ ︽ᠮᠡᠨᠳᠦ ᠬᠦᠷᠭᠡᠶ᠎ᠡ︾ ᠭᠡᠵᠦ ᠤᠯᠠᠨ ᠬᠡᠷᠡᠭᠯᠡᠳᠡᠭ | ᠪᠤᠯᠵᠠᠢ᠃ ᠵᠢᠱᠢᠶᠡᠯᠡᠪᠡᠯ᠄ ︽ᠲᠠ ᠪᠦᠬᠦᠨ ᠳᠤ ᠪᠠᠨ ᠢᠷᠡᠵᠦ ᠪᠤᠢ ᠰᠢᠨ᠎ᠡ ᠤᠨ ᠤ ᠬᠠᠯᠠᠭᠤᠨ ᠮᠡᠨᠳᠦ ᠶᠢ ᠬᠦᠷᠭᠡᠵᠦ | ᠪᠠᠶᠢᠨ᠎ᠠ᠃ ᠰᠢᠨ᠎ᠡ ᠵᠢᠯ ᠤᠨ ᠮᠡᠨᠳᠦ ᠬᠦᠷᠭᠡᠶ᠎ᠡ︾ ᠭᠡᠬᠦ ᠮᠡᠲᠦ ᠪᠠᠷ ᠬᠡᠷᠡᠭᠯᠡᠵᠦ ᠪᠠᠶᠢᠭ᠎ᠠ ᠠᠴᠠ ᠮᠡᠳᠡᠵᠦ ᠪᠤᠯᠳᠠᠭ᠃ | ᠦᠩᠭᠡᠷᠡᠭᠰᠡᠨ ᠳᠤ ᠤᠨ ᠢᠶᠠᠷ᠂ ᠵᠢᠯ ᠢᠶᠠᠷ᠂ ᠤᠯᠠᠷᠢᠯ ᠢᠶᠠᠷ ᠮᠡᠨᠳᠦ ᠠᠰᠠᠭᠤᠵᠤ ᠮᠡᠨᠳᠦᠴᠢᠯᠡᠳᠡᠭ ᠪᠠᠶᠢᠭᠰᠠᠨ ᠪᠤᠯ | ᠤᠳᠤ ᠡᠳᠦᠷ ᠢᠶᠠᠷ᠂ ᠲᠡᠷᠡᠴᠢᠯᠡᠨ ᠡᠳᠦᠷ ᠢᠶᠠᠨ ᠭᠤᠷᠪᠠ ᠬᠤᠪᠢᠶᠠᠨ ᠮᠡᠨᠳᠦᠴᠢᠯᠡᠳᠡᠭ ᠪᠤᠯᠤᠭᠰᠠᠨ ᠳ᠋ᠠ᠃ ᠡᠨᠡ ᠪᠤᠯ ᠮᠠᠨ | ᠤ ᠨᠤᠳᠤᠭ ᠤᠨ ᠢᠪᠴᠦᠷᠡᠯ ᠠᠴᠠ ᠪᠠᠨ ᠬᠡᠯᠡ ᠰᠤᠶᠤᠯ ᠤᠨ ᠲᠠᠯ᠎ᠠ ᠪᠠᠷ ᠴᠦ ᠢᠪᠴᠦᠷᠡᠯ ᠳᠤ ᠰᠢᠯᠵᠢᠵᠦ ᠪᠠᠶᠢᠭ᠎ᠠ ᠶᠢ | ᠬᠠᠷᠠᠭᠤᠯᠵᠤ ᠪᠤᠢ᠃ | ᠮᠡᠨᠳᠦᠴᠢᠯᠡᠬᠦ ᠳᠤ ︽ᠮᠡᠨᠳᠦ ᠤᠤ︖ ᠮᠠᠨᠳᠦ ᠪᠠᠶᠢᠨ᠎ᠠ ᠤᠤ︖ ᠮᠡᠨᠳᠦ ᠰᠠᠶᠢᠨ ᠪᠠᠶᠢᠨ᠎ᠠ ᠤᠤ︖ ᠮᠡᠨᠳᠦ ᠰᠠᠶᠢᠨ | ᠪᠠᠶᠢᠵᠠᠭᠠᠨ᠎ᠠ ᠤᠤ︖ ᠮᠡᠨᠳᠦ ᠬᠤᠨᠤᠪᠠ ᠤᠤ︖ ᠠᠮᠤᠭᠤᠯᠠᠩ ᠪᠠᠶᠢᠨ᠎ᠠ ᠤᠤ︖ ᠠᠮᠤᠷ ᠤᠤ︖ ᠠᠮᠤᠷᠬᠠᠨ ᠰᠠᠶᠢᠨ | ᠤᠤ︖ ᠠᠵᠢᠯ ᠴᠢᠨᠢ ᠤᠷᠤᠭᠰᠢᠲᠠᠢ ᠤᠤ︖ ᠠᠶᠠᠨ ᠵᠠᠮ ᠳᠤ ᠪᠠᠨ ᠠᠯᠵᠢᠶᠠᠯ ᠦᠭᠡᠢ ᠲᠠᠪᠠᠲᠠᠢ ᠰᠠᠶᠢᠬᠠᠨ ᠮᠤᠷᠢᠯᠠᠵᠤ | ᠢᠷᠡᠪᠡ ᠤᠤ︖ ᠠᠶᠠᠨ ᠤ ᠠᠯᠲᠠᠨ ᠰᠢᠷ᠎ᠠ ᠵᠠᠮ ᠴᠢᠨᠢ ᠦᠯᠵᠡᠢ ᠲᠠᠢ ᠤᠤ︖ ᠦᠩ ᠲᠠᠢ ᠵᠢᠯ ᠪᠤᠯᠤᠭᠰᠠᠨ ᠤᠤ︖ | ᠪᠡᠶ᠎ᠡ ᠲᠡᠩᠬᠡᠭᠡ ᠰᠠᠶᠢᠨ ᠤᠤ︖ ᠪᠦᠬᠦᠳᠡᠭᠡᠷ ᠰᠠᠶᠢᠨ ᠪᠠᠶᠢᠨ᠎ᠠ ᠤᠤ︖ ᠬᠡᠷᠡᠭ ᠤᠴᠢᠷ ᠴᠢᠨᠢ ᠪᠦᠲᠦᠮᠵᠢ ᠪᠠᠷ ᠰᠠᠶᠢᠨ | ᠤᠤ︖ ᠰᠠᠶᠢᠨ ᠪᠠᠶᠢᠨ᠎ᠠ ᠤᠤ︖ ᠰᠠᠶᠢᠨ ᠶᠠᠪᠤᠵᠤ ᠢᠷᠡᠪᠡ ᠤᠤ︖ ᠲᠠᠨ ᠤ ᠠᠮᠤᠷ ᠠᠮᠤᠭᠤᠯᠠᠩ ᠢ ᠠᠶᠢᠯᠠᠳᠬᠠᠶ᠎ᠠ᠂ | ᠲᠠ ᠪᠦᠬᠦᠨ ᠲᠠᠪᠠᠲᠠᠢ ᠰᠠᠶᠢᠬᠠᠨ ᠮᠤᠷᠢᠯᠠᠵᠤ ᠢᠷᠡᠪᠡ ᠤᠤ︖ ᠲᠠᠶᠢᠪᠤᠩ ᠪᠠᠶᠢᠨ᠎ᠠ ᠤᠤ︖ ᠲᠠᠪᠠᠲᠠᠢ ᠰᠠᠶᠢᠬᠠᠨ | ᠵᠤᠰᠠᠵᠤ ᠪᠠᠶᠢᠨ᠎ᠠ ᠤᠤ︖ ᠲᠠᠪᠠᠲᠠᠢ ᠪᠢᠲᠡᠭᠦᠯᠡᠵᠦ ᠪᠠᠶᠢᠨ᠎ᠠ ᠤᠤ︖ ᠲᠠᠪᠠᠲᠠᠢ ᠰᠢᠨᠡᠯᠡᠵᠦ ᠪᠠᠶᠢᠨ᠎ᠠ ᠤᠤ︖ | ᠲᠠᠷᠭᠤᠨ ᠲᠠᠪᠠᠲᠠᠢ ᠡᠪᠦᠯᠵᠢᠵᠦ ᠪᠠᠶᠢᠨ᠎ᠠ ᠤᠤ︖ ᠲᠡᠩᠬᠡᠭᠡ ᠰᠠᠶᠢᠨ ᠤᠤ︖ ᠦᠩ ᠲᠠᠢ ᠰᠠᠶᠢᠨ ᠡᠪᠤᠯᠵᠢᠵᠦ | ᠪᠠᠶᠢᠨ᠎ᠠ︖ ᠬᠠᠳᠤᠯᠠᠩ ᠰᠠᠶᠢᠨ ᠤᠤ︖ ᠮᠠᠯ ᠰᠦᠷᠦᠭ ᠮᠡᠨᠳᠦ ᠤᠤ᠁︾ ᠭᠡᠬᠦ ᠵᠡᠷᠭᠡ ᠪᠠᠶᠢᠳᠠᠭ ᠴᠦ ᠨᠤᠲᠤᠭ | ᠨᠤᠲᠤᠭ ᠤᠨ ᠮᠡᠨᠳᠦᠴᠢᠯᠡᠬᠦ ᠵᠠᠩ ᠦᠢᠯᠡ ᠢᠯᠭᠠᠭ᠎ᠠ ᠲᠠᠢ᠃ ᠮᠡᠨᠳᠦᠴᠢᠯᠡᠬᠦ ᠳᠤ ᠪᠠᠰᠠ ︽ᠮᠡᠨᠳᠦ ᠠᠰᠠᠭᠤᠯᠭᠠᠬᠤ︾ ᠪᠠ | ︽ᠮᠡᠨᠳᠦ ᠮᠡᠳᠡᠭᠦᠯᠬᠦ︾ ᠭᠡᠵᠦ ᠪᠠᠶᠢᠳᠠᠭ᠂ ᠲᠠᠷᠤᠢ ᠪᠤᠰᠤᠳ ᠢᠶᠠᠷ ᠳᠠᠮᠵᠢᠭᠤᠯᠵᠤ ᠮᠡᠨᠳᠦ ᠶᠢ ᠨᠢ ᠠᠰᠠᠭᠤᠬᠤ ᠶᠢ ︽ᠮᠡᠨᠳᠦ | ᠠᠰᠠᠭᠤᠯᠭᠠᠬᠤ︾ ᠬᠡᠯᠡᠨ᠎ᠡ᠃ ᠵᠢᠱᠢᠶᠡᠯᠡᠪᠡᠯ᠄ ︽ᠪᠢ ᠠᠬ᠎ᠠ ᠶᠢᠨ ᠢᠶᠠᠨ ᠮᠡᠨᠳᠦ ᠶᠢ ᠲᠠᠨ ᠢᠶᠠᠷ ᠠᠰᠠᠭᠤᠯᠭᠠᠶᠠ︾ ᠭᠡᠬᠦ ᠮᠡᠲᠦ᠃ | ᠪᠤᠰᠤᠳ ᠢᠶᠠᠷ ᠳᠠᠮᠵᠢᠭᠤᠯᠵᠤ ᠮᠡᠨᠳᠦ ᠪᠠᠶᠢᠭ᠎ᠠ ᠪᠠᠨ ᠮᠡᠳᠡᠭᠦᠯᠬᠦ ᠶᠢ ︽ᠮᠡᠨᠳᠦ ᠮᠡᠳᠡᠭᠦᠯᠬᠦ︾ ᠭᠡᠳᠡᠭ᠃ ᠮᠡᠨᠳᠦᠴᠢᠯᠡᠬᠦ ᠳᠤ | ᠮᠡᠨᠳᠦᠴᠢᠯᠡᠬᠦ ᠬᠦᠮᠦᠨ ᠳᠤ ᠪᠠᠨ ᠵᠤᠬᠢᠴᠠᠭᠤᠯᠤᠨ ᠮᠡᠨᠳᠦᠴᠢᠯᠡᠬᠦ᠂ ᠤᠯᠠᠷᠢᠯ ᠬᠤᠪᠢᠶᠠᠨ ᠮᠡᠨᠳᠦᠴᠢᠯᠡᠬᠦ᠂ ᠠᠵᠢᠯ ᠢ ᠨᠢ | ᠲᠦᠷᠦᠯᠰᠢᠭᠦᠯᠦᠨ ᠮᠡᠨᠳᠦᠴᠢᠯᠡᠬᠦ ᠵᠡᠷᠭᠡ ᠭᠡᠵᠦ ᠤᠯᠠᠨ ᠵᠦᠢᠯ ᠪᠤᠢ᠃ | ︽ᠠᠮᠤᠷ ᠲᠤ ᠮᠡᠨᠳᠦ ᠬᠠᠷᠢᠭᠤ᠂ ᠠᠶᠠᠭᠠᠨ ᠳᠤ ᠰᠢᠨᠠᠭ᠎ᠠ ᠬᠠᠷᠢᠭᠤ︾ ᠭᠡᠭᠴᠢ ᠪᠠᠷ ᠮᠡᠨᠳᠦᠴᠢᠯᠡᠬᠦ ᠵᠦᠪ ᠵᠠᠩᠰᠢᠯ | ᠲᠠᠢ ᠪᠤᠯᠵᠠᠭᠠᠶ᠎ᠠ︕ |