ᠲᠤᠭᠠᠨ ᠤ ᠤᠬᠠᠭᠠᠨ ᠰᠤᠷᠬᠤ ᠶᠢᠨ ᠵᠢᠷᠭᠤᠭᠠᠨ ᠰᠠᠶᠢᠨ ᠳᠠᠳᠬᠠᠯ ︵ᠨᠢᠭᠡ︶
ᠨᠡᠶᠢᠲᠡᠯᠡᠭᠰᠡᠨ ᠴᠠᠭ᠄
2023/8/7
     ᠳᠠᠳᠬᠠᠯ ᠪᠤᠯ ᠠᠶᠠᠨᠳᠠᠭᠠᠨ‌ᠡᠭᠦᠰᠳᠡᠭ ᠰᠡᠳᠬᠢᠬᠦᠢ ᠶᠢᠨ ᠬᠡᠯᠪᠡᠷᠢ ᠪᠠ ᠠᠵᠢᠯᠯᠠᠭᠠᠨ ᠤ ᠬᠡᠯᠪᠡᠷᠢ ᠪᠤᠯᠤᠨ᠎ᠠ᠃ ᠰᠠᠶᠢᠨ ᠳᠠᠳᠬᠠᠯ ᠪᠤᠯ ᠲᠠᠷᠤᠢ ᠰᠠᠶᠢᠨ ᠬᠡᠪ ᠴᠢᠨᠠᠷ ᠮᠦᠨ᠂ ᠨᠢᠭᠡ ᠨᠠᠰᠤᠨ ᠤ ᠦᠪ ᠬᠦᠷᠦᠩᠭᠡ ᠪᠤᠯᠬᠤ ᠶᠤᠮ᠃ ᠲᠡᠭᠡᠪᠡᠯ ᠲᠤᠭᠠᠨ ᠤ ᠤᠬᠠᠭᠠᠨ ᠰᠤᠷᠬᠤ ᠳᠤ ᠶᠠᠮᠠᠷ ᠶᠠᠮᠠᠷ ᠰᠠᠶᠢᠨ ᠳᠠᠳᠬᠠᠯ ᠢ ᠱᠠᠭᠠᠷᠳᠠᠳᠠᠭ ᠪᠤᠢ︖      1. ᠤᠷᠢᠳᠴᠢᠯᠡᠨ ᠰᠤᠷᠬᠤ ᠳᠠᠳᠬᠠᠯ      ᠤᠷᠢᠳᠴᠢᠯᠡᠨ ᠰᠤᠷᠬᠤ ᠭᠡᠳᠡᠭ ᠨᠢ ᠬᠢᠴᠢᠶᠡᠯ ᠠᠴᠠ ᠡᠮᠦᠨ᠎ᠡ ᠦᠪᠡᠷᠲᠡᠭᠡᠨ ᠰᠤᠷᠬᠤ ᠶᠢ ᠵᠢᠭᠠᠵᠤ ᠪᠠᠶᠢᠨ᠎ᠠ᠃ ᠤᠷᠢᠳᠴᠢᠯᠠᠨ ᠰᠤᠷᠬᠤ ᠨᠢ ᠬᠢᠴᠢᠶᠡᠯᠯᠡᠭᠡ ᠶᠢᠨ ᠠᠰᠢᠭᠯᠠᠮᠵᠢ ᠶᠢ ᠲᠡᠭᠡᠭᠰᠢᠯᠡᠬᠦᠯᠵᠤ᠂ ᠦᠪᠡᠷᠲᠡᠭᠡᠨ ᠰᠤᠷᠬᠤ ᠴᠢᠳᠠᠪᠤᠷᠢ  ᠶᠢ ᠬᠦᠮᠦᠵᠢᠬᠦᠯᠬᠦ ᠴᠢᠳᠠᠮᠵᠢ ᠲᠠᠢ ᠪᠠᠶᠢᠳᠠᠭ᠃ ᠤᠷᠢᠳᠴᠢᠯᠡᠨ ᠰᠤᠷᠬᠤ ᠨᠢ ᠬᠤᠶᠠᠷ ᠶᠠᠪᠤᠳᠠᠯ ᠬᠢᠨ᠎ᠡ᠂ ᠨᠢᠭᠡ ᠨᠢ ᠳᠠᠷᠠᠭ᠎ᠠ ᠬᠢᠴᠢᠶᠡᠯ ᠤᠨ ᠰᠤᠷᠬᠤ ᠠᠭᠤᠯᠭ᠎ᠠ ᠶᠢ ᠮᠡᠳᠡᠨ᠎ᠡ᠃ ᠬᠤᠶᠠᠷ ᠨᠢ ᠰᠤᠷᠬᠤ ᠶᠢᠨ ᠬᠠᠷᠰᠢ ᠰᠠᠭᠠᠳ ᠢ ᠠᠷᠢᠯᠭᠠᠨ᠎ᠠ᠃ ᠪᠤᠲᠠᠲᠠᠢ ᠠᠷᠭ᠎ᠠ ᠨᠢ᠄ ᠤᠷᠢᠳᠠᠪᠠᠷ ᠰᠤᠷᠬᠤ ᠪᠢᠴᠢᠭ ᠢ ᠨᠡᠪᠲᠡᠷᠬᠡᠢ ᠤᠩᠰᠢᠨ᠎ᠠ᠂ ᠳᠠᠬᠢᠨ ᠪᠤᠴᠠᠵᠤ ᠤᠬᠠᠭᠳᠠᠬᠤᠨ᠂ ᠢᠯᠢᠶᠤᠰᠤ᠂ ᠪᠠᠳᠤᠶᠤᠰᠤ᠂ ᠲᠦᠷᠢᠮ᠂ ᠳᠤᠮᠢᠶ᠎ᠡ᠂ ᠠᠷᠭ᠎ᠠ᠂ ᠳᠤᠭᠲᠠᠭᠠᠯ ᠵᠡᠷᠭᠡ ᠲᠤᠭᠠᠨ ᠤ ᠤᠬᠠᠭᠠᠨ ᠤ ᠳᠤᠯᠭᠠᠭᠤᠷᠢ ᠮᠡᠳᠡᠯᠭᠡ ᠶᠢ ᠨᠠᠷᠢᠯᠢᠭ ᠤᠩᠰᠢᠨ᠎ᠠ᠂ ᠡᠴᠦᠰ ᠲᠤ ᠦᠪᠡᠷ ᠤᠨ ᠮᠠᠳᠠᠭ ᠲᠠᠢ ᠵᠦᠢᠯ ᠳᠡᠭᠡᠨ ᠲᠡᠮᠳᠡᠭ ᠲᠠᠯᠪᠢᠵᠤ ᠲᠡᠭᠦᠨ  ᠲᠠᠢ ᠬᠤᠯᠪᠤᠭᠳᠠᠯ ᠪᠦᠬᠦᠢ ᠬᠠᠭᠤᠴᠢᠨ ᠮᠡᠳᠡᠯᠭᠡ ᠪᠠᠨ ᠳᠠᠪᠲᠠᠨ᠎ᠠ᠃ ᠭᠡᠷᠪᠡ ︽ᠰᠤᠷᠬᠤ ᠬᠦᠲᠦᠯᠦᠮᠵᠢ︾ ᠮᠡᠲᠤ ᠶᠢᠨ ᠤᠷᠢᠳᠴᠢᠯᠡᠨ ᠰᠤᠷᠬᠤ ᠵᠢᠯᠤᠭᠤᠳᠤᠮᠵᠢ ᠶᠢᠨ ᠬᠠᠭᠤᠳᠠᠰᠤ ᠪᠠᠶᠢᠪᠠᠯ ᠱᠠᠭᠠᠷᠳᠠᠯᠭ᠎ᠠ ᠶᠤᠰᠤᠭᠠᠷ ᠬᠦᠢᠴᠡᠳᠭᠡᠨ᠎ᠡ᠃      ᠴᠢᠳᠠᠪᠤᠷᠢ ᠶᠢᠨ ᠬᠢᠵᠠᠭᠠᠷᠯᠠᠯ ᠠᠴᠠ ᠪᠤᠯᠵᠤ᠂ ᠬᠦᠮᠦᠨ ᠪᠦᠷᠢ ᠶᠢᠨ ᠤᠷᠢᠳᠴᠢᠯᠡᠨ ᠰᠤᠷᠬᠤ ᠬᠡᠮᠵᠢᠶ᠎ᠡ ᠠᠳᠠᠯᠢ ᠪᠤᠰᠤ ᠪᠠᠶᠢᠳᠠᠭ᠃ ᠬᠡᠪᠡᠴᠤ ᠪᠠᠷᠢᠮᠲᠠᠯᠠᠨ ᠬᠢᠵᠤ ᠳᠠᠳᠬᠠᠯ ᠪᠤᠯᠬᠤ ᠦᠶᠡᠰ ᠦᠪᠡᠷ ᠤᠨ ᠰᠤᠷᠬᠤ ᠬᠤᠷᠳᠤᠴᠠ᠂ ᠰᠤᠷᠬᠤ ᠦᠷᠭᠡᠴᠡ ᠪᠠ ᠬᠦᠨᠴᠡ ᠶᠢᠨ ᠬᠡᠮᠵᠢᠶ᠎ᠡ ᠶᠠᠪᠤᠬᠤ ᠳᠤᠲᠤᠮ ᠰᠠᠶᠢᠵᠢᠷᠠᠵᠤ᠂ ᠰᠤᠷᠬᠤ ᠶᠢᠨ ᠪᠠᠶᠠᠷ ᠴᠡᠩᠭᠡᠯ ᠪᠠ ᠰᠦᠪᠡᠭᠴᠢᠯᠡᠬᠦ ᠶᠢᠨ ᠤᠳᠬ᠎ᠠ ᠠᠭᠤᠯᠭ᠎ᠠ ᠶᠢ ᠤᠬᠠᠭᠠᠷᠠᠨ ᠤᠯᠵᠤ ᠴᠢᠳᠠᠨ᠎ᠠ᠃ ᠬᠦᠮᠦᠵᠢᠬᠦᠯᠬᠦ ᠠᠷᠭ᠎ᠠ᠄ ᠰᠤᠷᠤᠭᠴᠢ ᠦᠪᠡᠷᠲᠡᠭᠡᠨ ᠤᠷᠢᠳᠴᠢᠯᠡᠨ ᠰᠤᠷᠬᠤ ᠴᠠᠭ ᠲᠤᠭᠲᠠᠭᠠᠵᠤ᠂  ᠬᠢᠴᠢᠶᠡᠯ ᠤᠨ ᠬᠦᠰᠦᠨᠦᠭᠲᠤ︾ ᠳᠡᠭᠡᠨ ᠪᠢᠴᠢᠨ ᠤᠷᠤᠭᠤᠯᠵᠤ᠂ ᠴᠠᠭ ᠪᠤᠯᠤᠮᠠᠭᠴᠠ ᠤᠷᠢᠳᠴᠢᠯᠡᠨ ᠰᠤᠷᠤᠨ᠎ᠠ᠃      2. ᠰᠡᠳᠬᠢᠬᠦ ᠳᠠᠳᠬᠠᠯ      ᠵᠦᠪ ᠤᠨᠤᠪᠴᠢᠲᠠᠢ ᠰᠡᠳᠬᠢᠬᠦ ᠪᠤᠯ ᠠᠮᠵᠢᠯᠲᠠ ᠤᠯᠬᠤ ᠶᠢᠨ ᠦᠨᠳᠦᠰᠦ ᠮᠦᠨ᠃ ᠰᠡᠳᠬᠢᠬᠦ ᠶᠢ ᠰᠤᠷᠬᠤ ᠪᠤᠯ ᠲᠤᠭᠠᠨ ᠤ ᠤᠬᠠᠭᠠᠨ ᠰᠤᠷᠬᠤ ᠶᠢᠨ ᠤᠳᠬ᠎ᠠ ᠠᠭᠤᠯᠭ᠎ᠠ ᠪᠤᠯᠬᠤ ᠶᠤᠮ᠃ ᠰᠡᠳᠬᠢᠬᠦ ᠭᠡᠳᠡᠭ ᠨᠢ ᠦᠨᠡᠨ ᠳᠡᠭᠡᠨ ︽ᠠᠷᠪᠠᠨ ᠲᠦᠮᠡᠨ ᠶᠠᠭᠠᠬᠢᠭᠠᠳ︾ ᠭᠡᠳᠡᠭ ᠳᠠᠳᠬᠠᠯ ᠢ ᠬᠦᠮᠦᠵᠢᠬᠦᠯᠬᠦ ᠳᠤ ᠪᠠᠶᠢᠨ᠎ᠠ᠃      ᠲᠤᠭᠠᠨ ᠤ ᠤᠬᠠᠭᠠᠨ ᠪᠤᠯ ᠬᠦᠮᠦᠰ ᠤᠨ ᠰᠡᠳᠬᠢᠬᠦᠢ ᠶᠢᠨ ᠴᠢᠳᠠᠪᠤᠷᠢ ᠶᠢ ᠬᠦᠮᠦᠵᠢᠬᠦᠯᠬᠦ ᠳᠤ ᠤᠷᠤᠯᠠᠵᠤ ᠪᠤᠯᠤᠰᠢ ᠦᠭᠡᠢ ᠦᠢᠯᠡᠳᠦᠯ ᠲᠠᠢ ᠪᠠᠶᠢᠳᠠᠭ᠃ ᠲᠤᠭᠠᠨ ᠤ ᠤᠬᠠᠭᠠᠨ ᠤ ᠰᠡᠳᠬᠢᠬᠦᠢ ᠴᠢᠳᠠᠪᠤᠷᠢ ᠭᠡᠳᠡᠭ ᠨᠢ ᠲᠠᠷᠤᠢ ᠲᠤᠭᠠᠨ ᠤ ᠤᠬᠠᠭᠠᠨ ᠤ ᠦᠵᠡᠯᠲᠡ ᠪᠠᠷ ᠠᠰᠠᠭᠤᠳᠠᠯ ᠢ ᠰᠡᠳᠬᠢᠬᠦ ᠴᠢᠳᠠᠪᠤᠷᠢ ᠪᠤᠯᠤᠨ᠎ᠠ᠃ ᠲᠤᠭᠠᠨ ᠤ ᠤᠬᠠᠭᠠᠨ ᠤ ᠰᠡᠳᠬᠢᠬᠦᠢ ᠴᠢᠳᠠᠪᠤᠷᠢ ᠶᠢ ᠬᠦᠮᠦᠵᠢᠬᠦᠯᠬᠦ ᠨᠢ ᠰᠡᠳᠬᠢᠬᠦᠢ ᠶᠢᠨ ᠴᠢᠨᠠᠷ ᠢ ᠳᠠᠰᠤᠷᠠᠯᠲᠠ ᠦᠭᠡᠢ ᠲᠡᠭᠡᠭᠰᠢᠯᠡᠬᠦᠯᠵᠤ᠂ ᠰᠡᠳᠬᠢᠬᠦᠢ ᠶᠢᠨ ᠠᠷᠭ᠎ᠠ ᠶᠢ ᠳᠠᠰᠤᠷᠠᠯᠲᠠ ᠦᠭᠡᠢ ᠴᠢᠩᠭᠠᠳᠬᠠᠬᠤ ᠶᠠᠪᠤᠴᠠ ᠮᠦᠨ᠃      ᠰᠡᠳᠬᠢᠬᠦᠢ ᠶᠢᠨ ᠴᠢᠨᠠᠷ ᠨᠢ ᠶᠡᠷᠤ ᠳᠡᠭᠡᠨ ᠳᠤᠤᠷᠠᠬᠢ ᠳᠤᠯᠤᠭᠠᠨ ᠲᠠᠯ᠎ᠠ ᠪᠠᠷ ᠢᠯᠡᠷᠡᠵᠤ ᠪᠠᠶᠢᠳᠠᠭ᠄      ︵1︶ ᠰᠡᠳᠭᠢᠭᠦᠢ ᠶᠢᠨ ᠲᠤᠰᠠᠭᠠᠷ ᠴᠢᠨᠠᠷ᠃ ᠪᠠᠶ᠎ᠠ ᠪᠠᠨ ᠳᠠᠭᠠᠭᠠᠨ ᠰᠡᠳᠬᠢᠨ ᠪᠤᠳᠤᠯᠬᠢᠯᠠᠵᠤ᠂ ᠦᠪᠡᠷ ᠤᠨ ᠦᠵᠡᠯᠲᠡ ᠪᠠᠨ ᠶᠠᠷᠢᠵᠤ ᠴᠢᠳᠠᠨ᠎ᠠ᠃      ︵2︶ ᠰᠡᠳᠬᠢᠬᠦᠢ ᠶᠢᠨ ᠦᠷᠭᠡᠨ ᠴᠢᠨᠠᠷ᠃ ᠨᠡᠯᠢᠶᠡᠳ ᠶᠡᠭᠡ ᠬᠡᠪᠴᠢᠶᠡᠨ ᠳᠤᠲᠤᠷ᠎ᠠ ᠰᠡᠳᠬᠢᠨ ᠪᠤᠳᠤᠯᠬᠢᠯᠠᠵᠤ ᠴᠢᠳᠠᠨ᠎ᠠ᠃      ︵3︶ ᠰᠡᠳᠬᠢᠬᠦᠢ ᠶᠢᠨ ᠬᠦᠨᠵᠡᠬᠡᠢ ᠴᠢᠨᠠᠷ᠃ ᠭᠡᠷᠡᠭ ᠪᠤᠳᠠᠰ ᠤᠨ ᠮᠦᠨ ᠴᠢᠨᠠᠷ ᠪᠠ ᠵᠢᠮ᠎ᠡ ᠬᠠᠤᠯᠢ ᠶᠢ ᠠᠳᠬᠤᠵᠤ ᠴᠢᠳᠠᠨ᠎ᠠ᠃      ︵4︶ ᠰᠡᠳᠬᠢᠬᠦᠢ ᠶᠢᠨ ᠱᠠᠯᠠᠮᠠᠭ ᠴᠢᠨᠠᠷ᠃ ᠠᠰᠠᠭᠤᠳᠠᠯ ᠢ ᠬᠤᠷᠴᠠ ᠱᠠᠯᠠᠮᠠᠭᠠᠢ ᠪᠠᠷ ᠰᠡᠳᠬᠢᠵᠤ ᠴᠢᠳᠠᠨ᠎ᠠ᠃      ︵5︶ ᠰᠡᠳᠬᠢᠬᠦᠢ ᠶᠢᠨ ᠡᠮᠬᠢᠲᠤ ᠴᠢᠨᠠᠷ᠃ ᠰᠡᠳᠬᠢᠬᠦᠢ ᠨᠢ ᠭᠤᠤᠯ ᠳᠡᠳ᠋ ᠲᠤᠳᠤᠷᠬᠠᠢ᠂ ᠡᠮᠦᠨ᠎ᠡ ᠬᠤᠶᠢᠨ᠎ᠠ ᠳᠠᠷᠠᠭᠠᠯᠠᠯ ᠲᠠᠢ᠃      ︵6︶ ᠰᠡᠳᠬᠢᠬᠦᠢ ᠶᠢᠨ ᠯᠤᠬᠢᠭᠲᠤ ᠴᠢᠨᠠᠷ᠃ ᠰᠡᠳᠬᠢᠬᠦᠢ ᠨᠢ ᠯᠤᠬᠢᠭ ᠤᠨ ᠵᠢᠮ᠎ᠡ ᠶᠤᠰᠤ᠂ ᠲᠦᠷᠢᠮ ᠪᠠ ᠱᠠᠭᠠᠷᠳᠠᠯᠭ᠎ᠠ ᠳᠤ ᠨᠡᠶᠢᠴᠡᠨ᠎ᠡ᠃      ︵7︶ ᠰᠡᠳᠬᠢᠬᠦᠢ ᠶᠢᠨ ᠠᠮᠢᠳᠤᠯᠢᠭ ᠴᠢᠨᠠᠷ᠃ ᠰᠡᠳᠬᠢᠬᠦ ᠲᠠᠯ᠎ᠠ ᠪᠠ ᠠᠷᠭ᠎ᠠ ᠪᠠᠨ ᠠᠮᠢᠳᠤᠯᠢᠭ ᠢᠶᠠᠷ ᠬᠤᠪᠢᠷᠠᠭᠤᠯᠵᠤ ᠴᠢᠳᠠᠨ᠎ᠠ᠃      ᠲᠤᠭᠠᠨ ᠤ ᠤᠬᠠᠭᠠᠨ ᠤ ᠰᠡᠳᠬᠢᠬᠦᠢ ᠶᠢᠨ ᠠᠷᠭ᠎ᠠ ᠨᠢ ᠳᠤᠤᠷᠠᠬᠢ ᠲᠦᠷᠪᠡᠨ ᠵᠦᠢᠯ ᠪᠠᠶᠢᠨ᠎ᠠ᠄      ︵1︶ ᠲᠤᠭᠠᠨ ᠤ ᠤᠬᠠᠭᠠᠨ ᠤ ᠶᠡᠷᠤᠳᠡ ᠶᠢᠨ ᠬᠡᠷᠡᠭᠯᠡᠳᠡᠭ ᠠᠷᠭ᠎ᠠ᠃ ᠺᠤᠸᠠᠲᠯᠠᠬᠤ ᠠᠷᠭ᠎ᠠ᠂ ᠬᠤᠪᠢᠰᠬᠤᠨ ᠰᠤᠯᠢᠬᠤ ᠠᠷᠭ᠎ᠠ᠂ ᠢᠯᠡᠳᠭᠡᠮᠵᠢ ᠳᠤᠭᠲᠠᠭᠠᠬᠤ ᠠᠷᠭ᠎ᠠ᠂ ᠫᠠᠷᠠᠮᠧᠲᠷ ᠤᠨ ᠠᠷᠭ᠎ᠠ᠂ ᠲᠤᠭᠠᠨ ᠤ ᠤᠬᠠᠭᠠᠨ ᠤ ᠬᠤᠷᠢᠶᠠᠩᠭᠤᠶᠢᠯᠠᠬᠤ ᠠᠷᠭ᠎ᠠ᠂ ᠡᠰᠡᠷᠭᠦ ᠪᠠᠳᠤᠯᠠᠬᠤ ᠠᠷᠭ᠎ᠠ ᠵᠡᠷᠭᠡ᠃      ︵2︶ ᠲᠤᠭᠠᠨ ᠤ ᠤᠬᠠᠭᠠᠨ ᠤ ᠯᠤᠬᠢᠭ ᠤᠨ ᠠᠷᠭ᠎ᠠ᠃ ᠠᠨᠠᠯᠢᠰ᠂ ᠬᠤᠷᠢᠶᠠᠩᠭᠤᠢ᠂ ᠬᠤᠷᠢᠶᠠᠩᠭᠤᠶᠢᠯᠠᠬᠤ᠂ ᠳᠡᠯᠭᠡᠷᠡᠭᠦᠯᠬᠦ᠂ ᠦᠯᠢᠭᠡᠷᠯᠡᠬᠦ᠂ ᠲᠦᠷᠦᠯ ᠬᠤᠪᠢᠶᠠᠬᠤ᠂ ᠮᠦᠷᠳᠡᠬᠦ᠂ ᠪᠠᠳᠤᠯᠠᠬᠤ ᠵᠡᠷᠭᠡ᠃      ︵3︶ ᠲᠤᠭᠠᠨ ᠤ ᠤᠬᠠᠭᠠᠨ ᠤ ᠰᠡᠳᠬᠢᠬᠦᠢ ᠠᠷᠭ᠎ᠠ᠃ ᠠᠵᠢᠭᠯᠠᠬᠤ ᠪᠠ ᠵᠠᠳᠠᠯᠠᠬᠤ᠂ ᠳᠤᠪᠴᠢᠯᠠᠬᠤ ᠪᠠ ᠬᠡᠶᠢᠰᠪᠤᠷᠢᠯᠡᠬᠦ᠂ ᠵᠠᠳᠠᠯᠬᠤ ᠪᠠ ᠶᠡᠷᠤᠩᠬᠡᠶᠢᠯᠡᠬᠦ᠂ ᠤᠨᠴᠠᠭᠠᠶᠢᠷᠠᠭᠤᠯᠬᠤ ᠪᠠ ᠶᠡᠷᠦᠮᠲᠡᠭᠴᠢᠯᠡᠬᠦ᠂ ᠬᠤᠷᠢᠶᠠᠩᠭᠤᠶᠢᠯᠠᠬᠤ ᠪᠠ ᠳᠡᠯᠭᠡᠷᠡᠭᠦᠯᠬᠦ ᠵᠡᠷᠭᠡ᠃      ︵4︶ ᠲᠤᠭᠠᠨ ᠤ ᠤᠬᠠᠭᠠᠨ ᠤ ᠦᠵᠡᠯ ᠰᠠᠨᠠᠭ᠎ᠠ ᠠᠷᠭ᠎ᠠ᠃ ᠹᠦᠩᠺᠼ ᠪᠠ ᠲᠡᠭᠰᠢᠳᠭᠡᠯ ᠤᠨ ᠦᠵᠡᠯ ᠰᠠᠨᠠᠭ᠎ᠠ᠂ ᠲᠤᠭ᠎ᠠ ᠳᠦᠷᠰᠤ ᠶᠢ ᠤᠶᠠᠯᠳᠤᠭᠤᠯᠬᠤ ᠦᠵᠡᠯ ᠰᠠᠨᠠᠭ᠎ᠠ᠂ ᠠᠩᠬᠢᠯᠠᠬᠤ ᠪᠠ ᠨᠡᠶᠢᠳᠭᠡᠬᠦ ᠦᠵᠡᠯ ᠰᠠᠨᠠᠭ᠎ᠠ᠂ ᠤᠨᠴᠠᠭᠠᠶᠢᠷᠠᠭᠤᠯᠬᠤ ᠪᠠ ᠶᠡᠷᠦᠮᠲᠡᠭᠴᠢᠯᠡᠬᠦ ᠦᠵᠡᠯ ᠰᠠᠨᠠᠭ᠎ᠠ᠂ ᠬᠤᠪᠢᠷᠠᠭᠠᠯᠲᠠ ᠶᠢᠨ ᠦᠵᠡᠯ ᠰᠠᠨᠠᠭ᠎ᠠ᠂ ᠬᠢᠵᠠᠭᠠᠷᠲᠠᠢ ᠪᠠ ᠬᠢᠵᠠᠭᠠᠷᠭᠦᠢ ᠦᠵᠡᠯ ᠰᠠᠨᠠᠭ᠎ᠠ ᠵᠡᠷᠭᠡ᠃      ᠬᠦᠮᠦᠵᠢᠬᠦᠯᠬᠦ ᠠᠷᠭ᠎ᠠ᠄ ᠠᠰᠠᠭᠤᠳᠠᠯ ᠠᠴᠠ ᠡᠬᠦᠰᠴᠤ᠂ ᠶᠠᠭᠤ ᠪᠤᠢ︖ ᠶᠠᠭᠠᠬᠢᠭᠠᠳ ᠪᠤᠢ︖ ᠶᠠᠭᠠᠬᠢᠬᠤ ᠪᠤᠢ︖ ᠭᠡᠳᠡᠭ ᠢ ᠳᠠᠬᠢᠨ ᠲᠠᠪᠲᠠᠨ ᠠᠰᠠᠭᠤᠨ᠎ᠠ᠃      3. ᠶᠠᠷᠢᠬᠤ ᠪᠠ ᠪᠢᠴᠢᠬᠦ ᠳᠠᠳᠬᠠᠯ      ᠬᠡᠶᠢᠰᠪᠤᠷᠢ ᠴᠢᠨᠠᠷ ᠪᠠ ᠴᠢᠩᠭ᠎ᠠ ᠨᠢᠮᠪᠠᠢ ᠴᠢᠨᠠᠷ ᠪᠤᠯ ᠲᠤᠭᠠᠨ ᠤ ᠤᠬᠠᠭᠠᠨ ᠤ ᠬᠤᠶᠠᠷ ᠶᠡᠭᠡ ᠤᠨᠴᠠᠯᠢᠭ ᠪᠤᠯᠤᠨ᠎ᠠ᠃ ᠲᠤᠭᠠᠨ ᠤ ᠤᠬᠠᠭᠠᠨ ᠰᠤᠷᠬᠤ ᠳᠤ ᠰᠡᠳᠬᠢᠵᠤ ᠴᠢᠳᠠᠭᠠᠳ ᠯᠡ ᠪᠤᠯᠬᠤ ᠦᠭᠡᠢ᠂ ᠪᠠᠰᠠ ᠲᠡᠬᠦᠨ ᠢ ᠶᠠᠷᠢᠵᠤ ᠭᠠᠷᠭᠠᠨ᠎ᠠ᠂ ᠪᠢᠴᠢᠵᠤ ᠭᠠᠷᠭᠠᠨ᠎ᠠ᠂ ᠵᠢᠷᠤᠵᠤ ᠭᠠᠷᠭᠠᠨ᠎ᠠ᠃ ᠶᠠᠷᠢᠬᠤ ᠪᠠ ᠪᠢᠴᠢᠬᠦ ᠳᠠᠳᠬᠠᠯ ᠢ ᠬᠦᠮᠦᠵᠢᠬᠦᠯᠬᠦ ᠨᠢ ᠰᠡᠳᠬᠢᠬᠦᠢ ᠶᠢᠨ ᠬᠡᠶᠢᠰᠪᠤᠷᠢ ᠴᠢᠨᠠᠷ ᠪᠠ ᠴᠢᠩᠭ᠎ᠠ ᠨᠢᠭᠲᠠ ᠴᠢᠨᠠᠷ ᠢ ᠴᠢᠩᠭᠠᠳᠬᠠᠬᠤ ᠳᠤ ᠤᠨᠴᠠᠭᠠᠢ ᠠᠴᠢ ᠬᠤᠯᠪᠤᠭᠳᠠᠯ ᠲᠠᠢ ᠪᠠᠶᠢᠳᠠᠭ᠃ ᠰᠤᠷᠤᠭᠰᠠᠨ ᠮᠡᠳᠡᠯᠭᠡ ᠪᠠ ᠰᠡᠳᠬᠢᠭᠰᠡᠨ‌ᠠᠷᠭ᠎ᠠ ᠪᠠᠨ ᠶᠠᠷᠢᠵᠤ ᠴᠢᠳᠠᠨ᠎ᠠ᠂ ᠦᠪᠡᠷ ᠤᠨ ᠠᠷᠭ᠎ᠠ ᠬᠡᠯᠪᠡᠷᠢ ᠪᠠᠷ ᠢᠶᠠᠨ ᠪᠢᠴᠢᠵᠤ ︵ᠵᠢᠷᠤᠵᠤ︶ ᠴᠢᠳᠠᠨ᠎ᠠ᠃      ᠬᠦᠮᠦᠵᠢᠬᠦᠯᠬᠦ ᠠᠷᠭ᠎ᠠ᠄ ᠪᠤᠳᠤᠭᠰᠠᠨ ᠢᠶᠠᠨ ᠶᠠᠷᠢᠵᠤ ᠢᠯᠡᠳᠭᠡᠨ᠎ᠡ᠂ ᠪᠢᠴᠢᠵᠤ ︵ᠵᠢᠷᠤᠵᠤ︶ ᠢᠯᠡᠳᠭᠡᠨ᠎ᠡ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号