ᠳᠠᠳᠬᠠᠯ ᠪᠤᠯ ᠠᠶᠠᠨᠳᠠᠭᠠᠨᠡᠭᠦᠰᠳᠡᠭ ᠰᠡᠳᠬᠢᠬᠦᠢ ᠶᠢᠨ ᠬᠡᠯᠪᠡᠷᠢ ᠪᠠ ᠠᠵᠢᠯᠯᠠᠭᠠᠨ ᠤ ᠬᠡᠯᠪᠡᠷᠢ ᠪᠤᠯᠤᠨ᠎ᠠ᠃ | ᠰᠠᠶᠢᠨ ᠳᠠᠳᠬᠠᠯ ᠪᠤᠯ ᠲᠠᠷᠤᠢ ᠰᠠᠶᠢᠨ ᠬᠡᠪ ᠴᠢᠨᠠᠷ ᠮᠦᠨ᠂ ᠨᠢᠭᠡ ᠨᠠᠰᠤᠨ ᠤ ᠦᠪ ᠬᠦᠷᠦᠩᠭᠡ ᠪᠤᠯᠬᠤ ᠶᠤᠮ᠃ | ᠲᠡᠭᠡᠪᠡᠯ ᠲᠤᠭᠠᠨ ᠤ ᠤᠬᠠᠭᠠᠨ ᠰᠤᠷᠬᠤ ᠳᠤ ᠶᠠᠮᠠᠷ ᠶᠠᠮᠠᠷ ᠰᠠᠶᠢᠨ ᠳᠠᠳᠬᠠᠯ ᠢ ᠱᠠᠭᠠᠷᠳᠠᠳᠠᠭ ᠪᠤᠢ︖ | 4. ᠪᠤᠯᠪᠠᠰᠤᠷᠠᠬᠤ ᠳᠠᠳᠬᠠᠯ | ᠬᠡᠷᠡᠭᠯᠡᠯᠲᠡ ᠶᠢᠨ ᠦᠷᠭᠡᠨ ᠳᠡᠯᠭᠡᠷ ᠴᠢᠨᠠᠷ ᠨᠢ ᠲᠤᠭᠠᠨ ᠤ ᠤᠬᠠᠭᠠᠨ ᠤ ᠪᠠᠰᠠ ᠨᠢᠭᠡᠨ ᠤᠨᠴᠠᠯᠢᠭ ᠮᠦᠨ᠃ | ᠶᠡᠷᠤ ᠴᠠᠭ ᠤᠨ ᠬᠢᠴᠢᠶᠡᠯᠯᠡᠭᠡ ᠳᠤ᠂ ᠲᠤᠭᠠᠨ ᠤ ᠤᠬᠠᠭᠠᠨ ᠤ ᠬᠡᠷᠡᠭᠯᠡᠯᠲᠡ ᠨᠢ ᠰᠡᠳᠦᠪ ᠪᠤᠳᠤᠬᠤ ᠪᠠᠷ ᠭᠤᠤᠯ ᠢᠯᠡᠷᠡᠯ | ᠪᠤᠯᠭᠠᠳᠠᠭ᠃ ᠰᠡᠳᠦᠪ ᠪᠤᠳᠤᠬᠤ ᠨᠢ ᠰᠡᠳᠬᠢᠬᠦᠢ ᠶᠢ ᠪᠤᠯᠪᠠᠰᠤᠷᠠᠬᠤ ᠶᠠᠪᠤᠴᠠ ᠮᠦᠨ᠂ ᠪᠠᠰᠠ ᠲᠤᠭᠠᠨ ᠤ ᠤᠬᠠᠭᠠᠨ ᠤ | ᠬᠡᠷᠡᠭᠯᠡᠯᠲᠡ ᠶᠢ ᠪᠡᠶᠡᠴᠢᠯᠡᠨ ᠤᠶᠢᠯᠠᠭᠠᠬᠤ ᠶᠠᠪᠤᠴᠠ ᠪᠤᠯᠤᠨ᠎ᠠ᠃ ᠦᠷᠭᠦᠯᠵᠢ ᠰᠡᠳᠦᠪ ᠪᠤᠳᠤᠬᠤ ᠳᠠᠳᠬᠠᠯ ᠢ | ᠬᠦᠮᠦᠵᠢᠬᠦᠯᠬᠦ ᠪᠤᠯ ᠲᠤᠭᠠᠨ ᠤ ᠤᠬᠠᠭᠠᠨ ᠢ ᠰᠠᠶᠢᠨ ᠰᠤᠷᠬᠤ ᠶᠢᠨ ᠰᠢᠳᠢᠲᠤ ᠠᠷᠭ᠎ᠠ ᠮᠦᠨ᠃ | ᠨᠢᠭᠡᠨ ᠪᠦᠷᠢᠨ ᠪᠦᠲᠦᠨ ᠪᠤᠯᠪᠠᠰᠣᠷᠠᠬᠤ ᠶᠠᠪᠤᠴᠠ ᠨᠢ ᠲᠦᠷᠪᠡᠨ ᠠᠯᠬᠤᠮ ᠢ ᠪᠠᠭᠲᠠᠭᠠᠬᠤ ᠬᠡᠷᠡᠭᠲᠡᠢ᠃ ᠳᠠᠷᠤᠢ | ᠠᠰᠠᠭᠤᠳᠠᠯ ᠢ ᠳᠤᠳᠤᠯᠠᠨᠠ᠂ ᠪᠤᠳᠤᠬᠤ ᠠᠷᠭ᠎ᠠ ᠶᠢ ᠰᠦᠪᠡᠭᠴᠢᠯᠡᠨ᠎ᠡ᠂ ᠢᠯᠡᠳᠭᠡᠵᠤ ᠪᠢᠴᠢᠨ᠎ᠡ᠂ ᠳ᠋ᠦᠩᠨᠡᠨ | ᠬᠤᠷᠢᠶᠠᠩᠭᠤᠶᠢᠯᠠᠨ᠎ᠠ᠃ ᠳᠤᠤᠷᠠᠬᠢ ᠠᠰᠠᠭᠤᠯᠲᠠ ᠶᠢ ᠠᠩᠬᠠᠷᠤᠯ ᠳᠠᠭᠠᠨ ᠠᠪᠤᠭᠠᠷᠠᠢ᠂ ᠳᠡᠳᠡᠭᠡᠷ ᠨᠢ ᠰᠡᠳᠦᠪ ᠪᠤᠳᠤᠬᠤ | ᠰᠡᠳᠬᠢᠬᠦᠢ ᠶᠢ ᠤᠳᠤᠷᠢᠳᠴᠤ ᠴᠢᠳᠠᠬᠤ ᠪᠠᠷ ᠪᠠᠷᠠᠬᠤ ᠦᠭᠡᠢ ᠠᠰᠠᠭᠤᠳᠠᠯ ᠠᠴᠠ ᠡᠭᠦᠰᠦᠨ ᠰᠡᠳᠬᠢᠨ ᠪᠤᠳᠤᠯᠬᠢᠯᠠᠬᠤ | ᠰᠠᠶᠢᠨᠲ᠋ᠠᠳᠬᠠᠯ ᠢ ᠬᠦᠮᠦᠵᠢᠬᠦᠯᠵᠤ ᠴᠢᠳᠠᠨ᠎ᠠ᠃ | ︵1︶ ᠦᠭᠭᠦᠭᠳᠡᠭᠰᠡᠨ ᠨᠢ ᠶᠠᠭᠤ ᠪᠤᠢ︖ ᠤᠯᠬᠤ ᠨᠢ ᠶᠠᠭᠤ ᠪᠤᠢ︖ ︵ᠠᠰᠠᠭᠤᠳᠠᠯ ᠢ ᠳᠤᠳᠤᠯᠠᠬᠤ︶ | ︵2︶ ᠦᠭᠭᠦᠭᠳᠡᠭᠰᠡᠨ ᠪᠠ ᠤᠯᠬᠤ ᠶᠢᠨ ᠬᠤᠭᠤᠷᠤᠨᠳᠤᠬᠢ ᠬᠤᠯᠪᠤᠭᠳᠠᠯ ᠢ ᠰᠢᠭᠤᠳ ᠦᠵᠡᠵᠤ ᠭᠠᠷᠨᠠᠤ︖ | ᠤᠯᠬᠤ ᠶᠢ ᠬᠤᠪᠢᠷᠠᠭᠠᠵᠤ ᠦᠵᠡ᠂ ᠦᠭᠭᠦᠭᠳᠡᠭᠰᠡᠨ ᠪᠠ ᠤᠯᠬᠤ ᠶᠢᠨ ᠬᠤᠭᠤᠷᠤᠨᠳᠤᠬᠢ ᠬᠤᠯᠪᠤᠭᠳᠠᠯ ᠢ ᠤᠯᠵᠤ | ᠳᠠᠶᠢᠯᠨᠡᠤ︖ ᠦᠭᠭᠦᠭᠳᠡᠭᠰᠡᠨ ᠢ ᠬᠤᠪᠢᠷᠠᠭᠠᠵᠤ ᠦᠵᠡ᠂ ᠦᠭᠭᠦᠭᠳᠡᠭᠰᠡᠨ ᠪᠠ ᠤᠯᠬᠤ ᠶᠢᠨ ᠬᠤᠭᠤᠷᠤᠨᠳᠤᠬᠢ | ᠬᠤᠯᠪᠤᠭᠳᠠᠯ ᠢ ᠤᠯᠵᠤ ᠳᠠᠶᠢᠯᠨᠡᠤ︖ ᠨᠢᠭᠡᠨ ᠦᠯᠦ ᠮᠡᠳᠡᠭᠳᠡᠬᠦ ᠲᠤᠭ᠎ᠠ ᠶᠢ ᠵᠢᠱᠢᠵᠤ ᠦᠵᠡ᠂ ᠠᠰᠠᠭᠤᠳᠠᠯ ᠢ | ᠰᠢᠢᠳᠪᠦᠷᠢᠯᠡᠬᠦ ᠠᠷᠭ᠎ᠠ ᠶᠢ ᠤᠯᠵᠤ ᠳᠡᠶᠢᠯᠨᠡᠤ︖ ᠰᠡᠳᠦᠪ ᠤᠨ ᠵᠢᠷᠤᠮᠠᠭ ︵ᠵᠢᠷᠤᠭ︶ ᠢ ᠵᠢᠷᠤᠵᠤ ᠦᠵᠡ᠂ ᠦᠭᠡᠷ᠎ᠡ | ᠨᠢᠭᠡᠨ ᠵᠠᠮ ᠢ ᠤᠯᠵᠤ ᠳᠡᠶᠢᠯᠨᠡᠤ︖ ᠬᠡᠳᠤ ᠬᠡᠲᠦᠨ ᠲᠦᠷᠦᠯ ᠬᠤᠪᠢᠶᠠᠨ ᠰᠢᠢᠳᠪᠦᠷᠢᠯᠡᠵᠤ ᠪᠤᠯᠤᠨᠡᠤ︖ ᠰᠢᠨᠵᠢᠯᠡᠵᠤ | ᠦᠵᠡ᠃ ︵ᠠᠷᠭ᠎ᠠ ᠵᠠᠮ ᠢ ᠰᠦᠪᠡᠭᠴᠢᠯᠡᠬᠦ︶ | ︵3︶ ᠬᠠᠮᠢᠭ᠎ᠠ ᠠᠴᠠ ᠡᠬᠢᠯᠡᠨ ᠢᠯᠡᠳᠭᠡᠨ ᠪᠢᠴᠢᠪᠡᠯ ᠬᠠᠮᠤᠭ ᠵᠤᠬᠢᠰᠲᠠᠢ ᠪᠤᠢ︖ ᠠᠯᠢ ᠶᠢ ᠨᠠᠷᠢᠯᠢᠭ ᠪᠢᠴᠢᠵᠤ᠂ | ᠠᠯᠢ ᠶᠢ ᠳᠦᠭᠦᠮ ᠪᠢᠴᠢᠬᠦ ᠪᠤᠢ︖ ᠬᠠᠮᠤᠭ ᠡᠴᠦᠰ ᠤᠨ ᠬᠠᠷᠢᠭᠤ ᠶᠢ ᠬᠡᠷᠬᠢᠨ ᠢᠯᠡᠳᠭᠡᠬᠦ ᠪᠤᠢ︖ ︵ᠢᠯᠡᠳᠭᠡᠨ | ᠪᠢᠴᠢᠬᠦ︶ | ︵4︶ ᠰᠡᠳᠦᠪ ᠲᠤ ᠢᠯᠡᠷᠡᠭᠰᠡᠨ ᠳᠤᠭᠠᠨ ᠤ ᠤᠬᠠᠭᠠᠨ ᠤ ᠮᠡᠳᠡᠯᠭᠡ ᠶᠠᠮᠠᠷ ᠶᠠᠮᠠᠷ ᠪᠠᠶᠢᠳᠠᠭ ᠪᠤᠢ︖ ᠰᠡᠳᠦᠪ | ᠤᠨ ᠤᠨᠴᠠᠯᠢᠭ ᠨᠢ ᠶᠠᠮᠠᠷ ᠪᠤᠢ︖ ᠰᠡᠳᠦᠪ ᠢ ᠪᠤᠳᠤᠭᠰᠠᠨ ᠰᠡᠳᠬᠢᠮᠵᠢ ᠨᠢ ᠶᠠᠮᠠᠷ ᠪᠤᠢ︖ ᠡᠶᠢᠮᠦᠷᠬᠦ ᠠᠰᠠᠭᠤᠳᠠᠯ ᠢ | ᠰᠢᠢᠳᠪᠤᠷᠢᠯᠡᠬᠦ ᠵᠢᠮ᠎ᠡ ᠬᠠᠤᠯᠢ ᠨᠢ ᠶᠠᠮᠠᠷ ᠪᠤᠢ︖ ︵ᠳ᠋ᠦᠩᠨᠡᠨ ᠬᠤᠷᠢᠶᠠᠩᠭᠤᠶᠢᠯᠠᠬᠤ︶ | ᠬᠦᠮᠦᠵᠢᠬᠦᠯᠬᠦ ᠠᠷᠭ᠎ᠠ᠄ ᠪᠤᠯᠪᠠᠰᠤᠷᠠᠯ ᠤᠨ ᠰᠡᠳᠦᠪ ᠪᠦᠬᠦᠨ ᠢ ᠪᠦᠷᠢᠨ ᠪᠦᠲᠦᠨ ᠪᠤᠯᠪᠠᠰᠤᠷᠠᠨ᠎ᠠ᠃ | 5. ᠳᠠᠪᠲᠠᠬᠤ ᠳᠠᠳᠬᠠᠯ | ᠳᠠᠪᠲᠠᠬᠤ ᠪᠤᠯ ᠮᠡᠳᠡᠯᠭᠡ ᠶᠢ ᠪᠠᠳᠤᠳᠬᠠᠵᠤ᠂ ᠮᠡᠷᠭᠡᠰᠢᠯ ᠢ ᠲᠡᠭᠡᠭᠰᠢᠯᠡᠬᠦᠯᠬᠦ ᠦᠷ᠎ᠡ ᠠᠰᠢᠭᠲᠠᠢ ᠠᠷᠭ᠎ᠠ ᠠᠪᠴᠠᠯ | ᠮᠦᠨ᠃ ᠳᠠᠪᠲᠠᠬᠤ ᠨᠢ ᠳᠦᠭᠦᠮᠭᠡᠨ ᠨᠤᠷᠱᠤᠬᠤ ᠪᠢᠰᠢ᠂ ᠬᠠᠷᠢᠨ ᠳᠤᠤᠷᠠᠬᠢ ᠭᠤᠷᠪᠠᠨ ᠲᠠᠯ᠎ᠠ ᠶᠢᠨ ᠤᠳᠬ᠎ᠠ ᠶᠢ | ᠪᠠᠭᠲᠠᠭᠠᠨ᠎ᠠ᠄ ᠨᠢᠭᠡ ᠳᠤ᠂ ᠳᠠᠪᠲᠠᠨ ᠰᠤᠷᠬᠤ ᠪᠠᠷ ᠳᠠᠮᠵᠢᠨ ᠤᠶᠢᠯᠠᠭᠠᠯᠲᠠ ᠶᠢ ᠬᠦᠨᠵᠡᠭᠡᠶᠢᠷᠡᠭᠦᠯᠵᠤ᠂ ᠰᠠᠭᠤᠭᠳᠠᠯ ᠢ | ᠪᠠᠳᠤᠳᠬᠠᠨ᠎ᠠ᠃ ᠬᠤᠶᠠᠷ ᠲᠤ᠂ ᠮᠡᠳᠡᠯᠭᠡ ᠶᠢᠨ ᠬᠤᠭᠤᠷᠤᠨᠳᠤᠬᠢ ᠬᠠᠷᠢᠴᠠᠭ᠎ᠠ ᠬᠤᠯᠪᠤᠭ᠎ᠠ ᠶᠢ ᠰᠦᠪᠡᠭᠴᠢᠯᠡᠵᠤ᠂ ᠪᠦᠷᠢᠨ | ᠳᠡᠭᠦᠯᠳᠡᠷ ᠮᠡᠳᠡᠯᠭᠡ ᠶᠢᠨ ᠰᠢᠰᠲ᠋ᠧᠮ ᠢ ᠡᠵᠡᠮᠰᠢᠨ᠎ᠡ᠃ ᠭᠤᠷᠪᠠ ᠳᠤ᠂ ᠳᠤᠩᠭᠠᠨ ᠪᠤᠳᠤᠬᠤ ᠪᠠᠷ ᠳᠠᠮᠵᠢᠨ ᠰᠤᠷᠬᠤ ᠶᠢᠨ | ᠠᠷᠭ᠎ᠠ ᠳᠡᠮ᠂ ᠰᠡᠳᠦᠪ ᠪᠤᠳᠤᠬᠤ ᠶᠢᠨ ᠵᠢᠮ᠎ᠡ ᠶᠤᠰᠤ ᠪᠠ ᠲᠤᠷᠰᠢᠯᠭ᠎ᠠ ᠰᠤᠷᠭᠠᠮᠵᠢ ᠪᠠᠨ ᠳ᠋ᠦᠩᠨᠡᠨ | ᠬᠤᠷᠢᠶᠠᠩᠭᠤᠶᠢᠯᠠᠨ᠎ᠠ᠃ | ᠵᠠᠪᠠᠯ ᠴᠠᠭ ᠳᠤᠬᠠᠢ ᠳᠤᠨᠢ ᠳᠠᠪᠲᠠᠬᠤ ᠬᠡᠷᠡᠭᠲᠡᠢ᠂ ᠡᠨᠡ ᠪᠤᠯ ᠲᠠᠪᠲᠠᠬᠤ ᠶᠢᠨ ᠦᠷ᠎ᠡ ᠠᠰᠢᠭ ᠢ ᠳᠡᠭᠡᠭᠰᠢᠯᠡᠬᠦᠯᠬᠦ | ᠤᠷᠢᠳᠠᠯ ᠮᠦᠨ᠃ ᠴᠠᠭ ᠳᠤᠬᠠᠢ ᠳᠤᠨᠢ ᠳᠠᠪᠲᠠᠬᠤ ᠨᠢ ᠨᠢᠭᠡ ᠬᠢᠴᠢᠶᠡᠯ ᠤᠨ ᠳᠠᠷᠠᠭ᠎ᠠ ᠳᠠᠪᠲᠠᠬᠤ᠂ ᠨᠢᠭᠡ ᠬᠡᠰᠡᠭ ᠤᠨ | ᠳᠠᠷᠠᠭ᠎ᠠ ᠲᠠᠪᠲᠠᠬᠤ᠂ ᠨᠢᠭᠡ ᠪᠦᠯᠦᠭ ᠤᠨ ᠳᠠᠷᠠᠭ᠎ᠠ ᠲᠠᠪᠲᠠᠬᠤ ᠪᠠ ᠶᠡᠷᠤᠩᠬᠡᠢ ᠳᠠᠪᠳᠠᠯᠭ᠎ᠠ ᠬᠢᠬᠦ ᠵᠡᠷᠭᠡ ᠪᠠᠶᠢᠨ᠎ᠠ᠃ | ᠳᠠᠪᠲᠠᠬᠤ ᠠᠷᠭ᠎ᠠ ᠶᠢᠨ ᠲᠠᠯ᠎ᠠ ᠪᠠᠷ ᠬᠤᠶᠠᠷ ᠲᠠᠯ᠎ᠠ ᠶᠢ ᠴᠢᠩᠭ᠎ᠠ ᠠᠳᠬᠤᠨ᠎ᠠ᠂ ᠨᠢᠭᠡ ᠨᠢ ᠮᠡᠳᠡᠯᠭᠡ ᠶᠢ | ᠡᠮᠬᠢᠯᠡᠵᠤ᠂ ᠤᠬᠠᠭᠳᠠᠬᠤᠨ᠂ ᠢᠯᠡᠶᠣᠰᠤ᠂ ᠪᠠᠳᠤᠶᠤᠰᠤ᠂ ᠲᠦᠷᠢᠮ᠂ ᠳᠤᠮᠢᠶ᠎ᠡ᠂ ᠳᠤᠭᠲᠠᠭᠠᠯ ᠵᠡᠷᠭᠡ ᠲᠤᠭᠠᠨ ᠤ ᠤᠬᠠᠭᠠᠨ | ᠤ ᠳᠤᠯᠭᠠᠭᠤᠷᠢ ᠮᠡᠳᠡᠯᠭᠡ ᠶᠢ ᠪᠤᠯᠪᠠᠰᠤᠷᠠᠩᠭᠤᠢ ᠡᠵᠡᠮᠰᠢᠨ᠎ᠡ᠃ ᠨᠦᠭᠦᠭᠡ ᠨᠢ ᠦᠨᠳᠦᠰᠦᠨ ᠬᠡᠯᠪᠡᠷᠢ ᠶᠢᠨ ᠰᠡᠳᠦᠪ ᠢ | ᠪᠤᠳᠤᠬᠤ ᠰᠡᠳᠬᠢᠮᠵᠢ᠂ ᠮᠡᠷᠭᠡᠰᠢᠯ ᠪᠠ ᠢᠯᠡᠳᠭᠡᠨ ᠪᠢᠴᠢᠬᠦ ᠠᠷᠭ᠎ᠠ ᠬᠡᠯᠪᠡᠷᠢ ᠶᠢ ᠪᠤᠯᠪᠠᠰᠤᠷᠠᠩᠭᠤᠢ ᠡᠵᠡᠮᠰᠢᠨ᠎ᠡ᠃ | ᠬᠦᠮᠦᠵᠢᠬᠦᠯᠬᠦ ᠠᠷᠭ᠎ᠠ᠄ ᠴᠠᠭ ᠳᠤᠬᠠᠢ ᠳᠤᠨᠢ ᠳᠠᠪᠲᠠᠨ᠎ᠠ᠃ | 6. ᠬᠤᠷᠢᠶᠠᠨ ᠴᠤᠭᠯᠠᠭᠤᠯᠬᠤ ᠳᠠᠳᠬᠠᠯ | ᠵᠠᠩᠬᠢ ᠶᠢ ᠴᠤᠭᠯᠠᠭᠤᠯᠬᠤ ᠪᠠ ᠰᠢᠢᠳᠪᠦᠷᠢᠯᠡᠬᠦ ᠴᠢᠳᠠᠪᠤᠷᠢ ᠪᠤᠯ ᠤᠳᠤ ᠦᠶ᠎ᠡ ᠶᠢᠨ ᠬᠦᠮᠦᠰ ᠤᠨ ᠪᠠᠶᠢᠪᠠᠰᠤ | ᠵᠤᠬᠢᠬᠤ ᠬᠡᠪ ᠴᠢᠨᠠᠷ ᠮᠦᠨ᠃ ᠵᠠᠩᠬᠢ ᠶᠢ ᠢᠯᠡᠷᠡᠭᠦᠯᠬᠦ᠂ ᠵᠠᠩᠬᠢ ᠶᠢ ᠴᠤᠭᠯᠠᠭᠤᠯᠬᠤ᠂ ᠵᠠᠩᠬᠢ ᠶᠢ ᠰᠢᠢᠳᠪᠦᠷᠢᠯᠡᠬᠦ ᠪᠠ | ᠵᠠᠩᠬᠢ ᠶᠢ ᠬᠠᠮᠳᠤ ᠪᠠᠷ ᠡᠳ᠋ᠯᠡᠬᠦ ᠨᠢ ᠲᠤᠭᠠᠨ ᠤ ᠤᠬᠠᠭᠠᠨ ᠰᠤᠷᠬᠤ ᠶᠢᠨ ᠴᠢᠬᠤᠯᠠ ᠨᠦᠬᠦᠴᠡᠯ ᠪᠦᠭᠡᠳ ᠦᠪᠡᠷ ᠤᠨ | ᠬᠡᠪ ᠴᠢᠨᠠᠷ ᠢᠶᠠᠨ ᠦᠨᠳᠦᠷᠵᠢᠬᠦᠯᠬᠦ ᠶᠢᠨ ᠠᠰᠢᠭᠲᠠᠢ ᠠᠷᠭ᠎ᠠ ᠪᠤᠯᠬᠤ ᠶᠤᠮ᠃ ᠲᠤᠭᠠᠨ ᠤ ᠤᠬᠠᠭᠠᠨ ᠤ ᠮᠡᠳᠡᠭᠡ ᠵᠠᠩᠬᠢ | ᠨᠢ ᠳᠤᠭᠠᠨ ᠤ ᠤᠬᠠᠭᠠᠨ ᠤ ᠮᠡᠳᠡᠯᠭᠡ᠂ ᠳᠤᠭᠠᠨ ᠤ ᠤᠬᠠᠭᠠᠨ ᠤ ᠠᠷᠭ᠎ᠠ᠂ ᠲᠤᠭᠠᠨ ᠤ ᠤᠬᠠᠭᠠᠨ ᠰᠤᠷᠬᠤ ᠶᠢᠨ | ᠠᠷᠭ᠎ᠠ ᠬᠡᠯᠪᠡᠷᠢ ᠵᠡᠷᠭᠡ ᠪᠠᠶᠢᠨ᠎ᠠ᠃ ᠲᠤᠭᠠᠨ ᠤ ᠤᠬᠠᠭᠠᠨ ᠤ ᠮᠡᠳᠡᠭᠡ ᠵᠠᠩᠬᠢ ᠨᠢ ᠬᠢᠴᠢᠶᠡᠯᠯᠡᠭᠡ ᠲᠡᠭᠡᠷ᠎ᠡ ᠪᠠᠶᠢᠨ᠎ᠠ᠂ | ᠬᠢᠴᠢᠶᠡᠯ ᠤᠨ ᠭᠠᠳᠠᠨ᠎ᠠ ᠪᠠᠰᠠ ᠪᠠᠶᠢᠨ᠎ᠠ᠃ ᠮᠡᠳᠡᠭᠡ ᠵᠠᠩᠬᠢ ᠨᠢ ᠪᠠᠭᠰᠢ᠂ ᠬᠠᠮᠳᠤ ᠰᠤᠷᠤᠭᠴᠢ᠂ ᠨᠤᠮ ᠳᠡᠪᠲᠡᠷ᠂ | ᠰᠦᠯᠵᠢᠶ᠎ᠡ ᠵᠢᠴᠢ ᠦᠪᠡᠷ ᠪᠡᠶ᠎ᠡ ᠠᠴᠠ ᠢᠷᠡᠯᠲᠡᠢ᠃ | ᠵᠠᠩᠬᠢ ᠶᠢ ᠴᠤᠭᠯᠠᠭᠤᠯᠬᠤ ᠪᠠ ᠰᠢᠢᠳᠪᠦᠷᠢᠯᠡᠬᠦ ᠳᠠᠳᠬᠠᠯ ᠲᠠᠢ ᠪᠤᠯᠤᠶ᠎ᠠ ᠭᠡᠪᠡᠯ ᠳᠤᠤᠷᠠᠬᠢ ᠭᠤᠷᠪᠠᠨ ᠲᠠᠯ᠎ᠠ ᠶᠢ | ᠬᠢᠴᠢᠶᠡᠨ ᠬᠢᠬᠦ ᠴᠢᠬᠤᠯᠠᠲᠠᠢ᠄ ᠨᠢᠭᠡ ᠳᠤ᠂ ᠨᠢᠭᠡᠨ ᠳᠤᠰᠬᠠᠢ ᠰᠡᠳᠦᠪ ᠤᠨ ᠲᠤᠭᠤᠷᠢᠨ ᠳᠤ ᠮᠡᠳᠡᠭᠡ ᠵᠠᠩᠬᠢ ᠶᠢ | ᠴᠤᠭᠯᠠᠭᠤᠯᠤᠨ᠎ᠠ᠃ ᠬᠤᠶᠠᠷ ᠲᠤ᠂ ᠮᠡᠳᠡᠭᠡ ᠵᠠᠩᠬᠢ ᠶᠢ ᠰᠢᠯᠢᠨ ᠰᠤᠩᠭᠤᠵᠤ ᠬᠡᠷᠡᠭᠯᠡᠨ᠎ᠡ᠃ ᠭᠤᠷᠪᠠ ᠳᠤ᠂ ᠮᠡᠳᠡᠭᠡ ᠵᠠᠩᠬᠢ | ᠪᠠᠨ ᠪᠤᠰᠤᠳ ᠲᠠᠢ ᠬᠤᠪᠢᠶᠠᠯᠴᠠᠨ᠂ ᠡᠬᠦᠨ ᠤ ᠤᠠᠯᠮ ᠠᠴᠠ ᠤᠯᠠᠮ ᠳᠡᠭᠦᠯᠳᠡᠷᠵᠢᠭᠦᠯᠦᠨ᠎ᠡ᠃ | ᠪᠤᠲᠠᠲᠠᠢ ᠬᠢᠬᠦ ᠠᠷᠭ᠎ᠠ ᠨᠢ ᠨᠢᠭᠡᠨ ᠲᠡᠮᠳᠡᠭᠯᠡᠯ ᠤᠨ ᠳᠡᠪᠲᠡᠷ ᠵᠤᠬᠢᠶᠠᠵᠤ᠂ ᠦᠨᠳᠦᠰᠦᠨ ᠮᠡᠳᠡᠯᠭᠡ ᠶᠢᠨ | ᠲᠠᠶᠢᠯᠪᠤᠷᠢᠯᠠᠯᠲᠠ᠂ ᠦᠨᠳᠦᠰᠤᠨ ᠰᠡᠳᠦᠪ ᠤᠨ ᠪᠤᠳᠤᠬᠤ ᠠᠷᠭ᠎ᠠ ᠪᠠ ᠪᠤᠷᠤᠭᠤ ᠪᠤᠳᠤᠭᠰᠠᠨ ᠰᠡᠳᠦᠪ ᠤᠨ ᠵᠦᠪ | ᠬᠠᠷᠢᠭᠤ ᠵᠡᠷᠭᠡ ᠭᠤᠷᠪᠠᠨ ᠵᠦᠢᠯ ᠢ ᠪᠢᠴᠢᠨ ᠲᠠᠮᠳᠡᠭᠯᠡᠨᠡ᠃ | ᠬᠦᠮᠦᠵᠢᠬᠦᠯᠬᠦ ᠠᠷᠭ᠎ᠠ᠄ ᠵᠠᠩᠬᠢ ᠶᠢ ᠢᠯᠡᠷᠡᠬᠦᠯᠬᠦ — ᠵᠠᠩᠬᠢ ᠶᠢ ᠴᠤᠭᠯᠠᠭᠤᠯᠬᠤ — ᠵᠠᠩᠬᠢ ᠶᠢ | ᠰᠢᠢᠳᠪᠦᠷᠢᠯᠡᠬᠦ —— ᠵᠠᠩᠬᠢ ᠶᠢ ᠰᠤᠯᠢᠯᠴᠠᠬᠤ ᠠᠵᠢᠯᠯᠠᠭᠠᠨ ᠢ ᠪᠠᠷᠢᠮᠲᠠᠯᠠᠨ ᠬᠢᠨ᠎ᠡ᠃ | ᠨᠢᠭᠡᠨ ᠳᠠᠳᠬᠠᠯ ᠪᠤᠢ ᠪᠤᠯᠬᠤ ᠶᠢᠨ ᠵᠠᠩᠭᠢᠯᠠᠭ᠎ᠠ ᠨᠢ ᠪᠠᠷᠢᠮᠲᠠᠯᠠᠬᠤ ᠳᠤ ᠪᠠᠶᠢᠨ᠎ᠠ᠃ ᠪᠠᠷᠢᠮᠲᠠᠯᠠᠪᠠᠯ ᠳᠠᠳᠬᠠᠯ | ᠬᠦᠮᠦᠵᠢᠭᠳᠡᠨ᠎ᠡ᠂ ᠳᠠᠳᠬᠠᠯ ᠬᠦᠮᠦᠵᠢᠭᠳᠡᠪᠡᠯ ᠪᠦᠳᠦᠮᠵᠢ ᠢᠯᠡᠷᠡᠨ᠎ᠡ᠃ |