ᠤᠩᠨᠢᠭᠤᠳ ᠬᠤᠰᠢᠭᠤᠨ ᠳᠤ ᠤᠷᠭᠤᠳᠠᠭ ᠡᠮᠳᠤ ᠤᠷᠭᠤᠮᠠᠯ ︵ᠳᠥᠷᠪᠡ︶
ᠨᠡᠶᠢᠲᠡᠯᠡᠭᠰᠡᠨ ᠴᠠᠭ᠄
2023/11/27
     34.ᠰᠢᠷᠭᠡᠭᠳᠦ ᠳᠡᠭᠡᠳᠦ ︵秦艽︶ ᠶᠢ ᠪᠠᠰᠠ ᠵᠢᠯᠵᠧ ᠭᠡᠳᠡᠭ᠃ ᠳᠡᠭᠡᠳᠦ ᠶᠢᠨ ᠢᠵᠠᠭᠤᠷ᠂ ᠳᠡᠭᠡᠳᠦ  ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠂ ᠴᠡᠴᠡᠭ ᠪᠠ ᠦᠨᠳᠦᠰᠦ ᠨᠢ ᠡᠮ ᠳᠤ ᠤᠷᠤᠨ᠎ᠠ᠃ ᠴᠡᠴᠡᠭ ᠨᠢ ᠰᠢᠷ᠎ᠠ ᠶᠢᠨ ᠬᠠᠯᠠᠭᠤᠨ᠂ ᠨᠢᠶᠠᠨ ᠬᠠᠪᠤᠳᠠᠷ᠂ ᠰᠠᠬᠤᠤ ᠬᠤᠭᠤᠯᠠᠢ ᠬᠠᠪᠤᠳᠬᠤ᠂ ᠰᠢᠷ᠎ᠠ ᠶᠢᠨ ᠡᠪᠡᠳᠴᠢᠨ᠂ ᠦᠶ᠎ᠡ ᠭᠡᠰᠢᠭᠦᠦ ᠬᠠᠪᠤᠳᠬᠤ ᠡᠪᠡᠳᠴᠢᠨ ᠢ ᠵᠠᠰᠠᠨ᠎ᠠ᠃ ᠦᠨᠳᠦᠰᠦ ᠨᠢ ᠪᠠᠳᠭᠠᠨ ᠬᠠᠯᠠᠭᠤᠨ ᠢᠶᠠᠷ ᠪᠡᠶ᠎ᠡ ᠰᠢᠷᠠᠯᠠᠬᠤ᠂ ᠦᠶ᠎ᠡ ᠭᠡᠰᠢᠭᠦᠦ ᠶᠢᠨ ᠰᠢᠷ᠎ᠠ ᠤᠰᠤᠨ ᠡᠪᠡᠳᠴᠢᠨ᠂ ᠭᠦᠭᠡᠭᠡᠪᠦᠷ ᠬᠠᠪᠤᠩ᠂ ᠴᠢᠰᠤ ᠲᠠᠢ ᠪᠠᠭᠠᠬᠤ᠂ ᠰᠤᠳᠠᠯ ᠰᠢᠷᠪᠦᠰᠦ ᠳᠠᠳᠠᠬᠤ ᠶᠢ ᠵᠠᠰᠠᠨ᠎ᠠ᠃      35.ᠫᠤᠤᠵᠢᠩ ᠡᠪᠡᠰᠦ ︵紫花地丁︶ ᠶᠢ ᠪᠠᠰᠠ ᠳ᠋ᠠᠭᠱᠠ ︵小米口袋︶ ᠭᠡᠳᠡᠭ᠃ ᠪᠤᠷᠴᠠᠭ ᠤᠨ ᠢᠵᠠᠭᠤᠷ᠂ ᠫᠤᠤᠵᠢᠩ ᠡᠪᠡᠰᠦᠨ ᠤ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠂ ᠪᠦᠭᠦᠯᠢ ᠡᠪᠡᠰᠦ ᠨᠢ ᠡᠮ ᠳᠤ ᠤᠷᠤᠨ᠎ᠠ᠃ ᠰᠢᠷ᠎ᠠ ᠶᠢᠨ ᠭᠢᠵᠢᠭ᠂ ᠰᠢᠷ᠎ᠠ ᠶᠢᠨ ᠬᠠᠯᠠᠭᠤᠨ᠂ ᠴᠢᠰᠤᠨ ᠬᠠᠯᠠᠭᠤᠨ᠂ ᠡᠯᠢᠭᠡ ᠰᠦᠰᠦᠨ ᠤ ᠰᠢᠷ᠎ᠠ ᠶᠢᠨ ᠬᠠᠯᠠᠭᠤᠨ᠂ ᠰᠢᠷᠬ᠎ᠠ ᠶᠢᠨ ᠬᠠᠯᠠᠭᠤᠨ᠂ ᠪᠠᠳᠭᠠᠨ ᠰᠢᠷ᠎ᠠ ᠶᠢ ᠵᠠᠰᠠᠨ᠎ᠠ᠃      36.ᠠᠵᠠᠭᠰᠧᠷᠵᠤᠮ ︵ᠲᠦᠪᠡᠳ ᠨᠡᠷ᠎ᠡ︶ ︵旋复花︶ ᠪᠤᠯ ᠤᠳᠠᠪᠠᠯ᠎ᠠ ᠶᠢᠨ ᠢᠵᠠᠭᠤᠷ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠂ ᠴᠡᠴᠡᠭ ᠨᠢ ᠡᠮ ᠳᠤ ᠤᠷᠤᠨ᠎ᠠ᠃ ᠬᠠᠨᠢᠶᠠᠳᠤ ᠶᠢ ᠵᠠᠰᠠᠵᠤ᠂ ᠭᠡᠢ ᠶᠢ ᠲᠠᠷᠤᠵᠤ᠂ ᠪᠦᠭᠡᠯᠵᠢᠭᠦ ᠶᠢ ᠵᠤᠭᠰᠤᠭᠠᠨ᠎ᠠ᠃ ᠭᠢᠳᠠᠳ ᠡᠮ ᠳᠤ ᠠᠷᠪᠢᠨ ᠭᠡᠷᠡᠭᠯᠡᠨ᠎ᠡ᠃ ᠮᠤᠩᠭᠤᠯ ᠢᠶᠠᠷ ᠡᠯᠡᠰᠦᠨ ᠠᠯᠳᠠᠨ ᠳᠤᠰᠤᠯ ᠴᠡᠴᠡᠭ ᠭᠡᠵᠤ ᠭᠡᠯᠡᠳᠡᠭ᠃ ᠮᠤᠩᠭᠤᠯ ᠡᠮᠨᠡᠯᠭᠡ ᠳᠡᠭᠡᠷ᠎ᠡ ᠭᠠᠳᠠᠷ ᠶᠠᠷ᠎ᠠ ᠶᠢ ᠵᠠᠰᠠᠬᠤ ᠳᠤ ᠵᠠᠷᠤᠵᠤ ᠪᠠᠶᠢᠨ᠎ᠠ᠃      37.ᠶᠡᠭᠡ ᠰᠢᠷ᠎ᠠ ᠴᠡᠴᠡᠭ ︵黄花萱草︶ ᠪᠤᠯ ᠰᠠᠷᠠᠯᠠᠩ ᠤᠨ ᠢᠵᠠᠭᠤᠷ᠂ ᠰᠢᠷ᠎ᠠ ᠬᠤᠸᠠᠷ ᠤᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠶᠤᠮ᠂ ᠦᠨᠳᠦᠰᠦ ᠨᠢ ᠡᠮ ᠳᠤ ᠤᠷᠤᠨ᠎ᠠ᠃ ᠡᠮ ᠤᠨ ᠦᠢᠯᠡᠳᠦᠯ ᠨᠢ ᠭᠦᠮᠦᠨ ᠢᠳᠡᠳᠡᠭ ᠰᠢᠷ᠎ᠠ ᠬᠤᠸᠠᠷ ᠲᠠᠢ ᠠᠳᠠᠯᠢ᠃      38.ᠰᠠᠬᠠᠯᠳᠤ ᠴᠡᠴᠡᠭ ︵远志︶ ᠢ ᠲᠦᠪᠡᠳ ᠢᠶᠠᠷ ᠪᠠᠶᠠᠭᠽᠠᠸ᠎ᠠ ᠭᠡᠳᠡᠭ᠃ ᠰᠠᠬᠠᠯᠳᠤ ᠴᠡᠴᠡᠭ ᠪᠤᠯ ᠰᠠᠬᠠᠯᠳᠤ ᠴᠡᠴᠡᠭ ᠤᠨ ᠢᠵᠠᠭᠤᠷ᠂ ᠰᠠᠬᠠᠯᠳᠤ ᠴᠡᠴᠡᠭ ᠤᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠮᠥᠨ᠂ ᠦᠨᠳᠦᠰᠦ ᠨᠢ ᠡᠮ ᠳᠤ ᠤᠷᠤᠨ᠎ᠠ᠃ ᠠᠮᠢᠰᠬᠤᠯ ᠳᠠᠪᠬᠤᠴᠠᠬᠤ᠂ ᠴᠠᠷ ᠲᠠᠢ ᠬᠠᠨᠢᠶᠠᠬᠤ᠂ ᠠᠭᠤᠰᠭᠢᠨ ᠤ ᠦᠭᠡᠷᠢ᠂ ᠰᠠᠯᠪᠤᠷᠢ ᠮᠥᠭᠡᠷᠰᠦᠨ ᠬᠤᠭᠤᠯᠠᠢ ᠶᠢᠨ ᠥᠷᠪᠢᠰᠦᠯ᠂ ᠮᠡᠳᠡᠷᠡᠯ ᠮᠠᠭᠤᠳᠠᠬᠤ᠂ ᠮᠠᠷᠳᠠᠬᠤ᠂ ᠵᠢᠷᠤᠭᠡ ᠲᠦᠭᠰᠢᠭᠦ᠂ ᠨᠤᠶᠢᠷ ᠬᠤᠯᠵᠢᠬᠤ ᠶᠢ ᠵᠠᠰᠠᠨ᠎ᠠ᠃ ᠰᠠᠬᠠᠯᠳᠤ ᠴᠡᠴᠡᠭ ᠢ ᠮᠤᠩᠭᠤᠯ ᠡᠮᠴᠢ ᠨᠠᠷ ᠪᠠᠰᠠ ᠵᠢᠷᠤᠭᠡᠨ ᠴᠡᠴᠡᠭ ᠭᠡᠳᠡᠭ᠃      39.ᠬᠠᠮᠪᠢᠯ ︵葶苈︶ ᠪᠤᠯ ᠲᠤᠨᠤᠯᠵᠢᠨ ᠴᠡᠴᠡᠭ ᠤᠨ ᠢᠵᠠᠭᠤᠷ ᠤᠨ ᠨᠢᠭᠡ ᠪᠤᠶᠤ ᠬᠤᠶᠠᠷ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠦᠷ᠎ᠡ ᠨᠢ ᠡᠮ ᠳᠤ ᠤᠷᠤᠨ᠎ᠠ᠃ ᠭᠢᠮᠤᠷᠠᠭᠰᠠᠨ ᠬᠠᠯᠠᠭᠤᠨ᠂ ᠠᠭᠤᠰᠭᠢᠨ ᠰᠦᠷᠢᠶ᠎ᠡ᠂ ᠠᠭᠤᠰᠭᠢ ᠶᠢᠨ ᠬᠠᠯᠠᠭᠤᠨ᠂ ᠪᠦᠭᠡᠷᠡᠨ ᠤ ᠥᠷᠪᠢᠰᠦᠯ ᠠᠴᠠ ᠪᠤᠯᠤᠭᠰᠠᠨ ᠤᠰᠤᠨ ᠬᠠᠪᠤᠩ᠂ ᠴᠢᠰᠤᠨ ᠡᠪᠡᠳᠴᠢᠨ ᠢ ᠵᠠᠰᠠᠨ᠎ᠠ᠃ ᠲᠦᠪᠡᠳ ᠢᠶᠠᠷ ᠭᠤᠩᠲ᠋ᠤᠭ ᠭᠡᠳᠡᠭ᠂ ᠯᠤᠤ ᠶᠢᠨ ᠰᠤᠶᠤᠭ᠎ᠠ ᠡᠪᠡᠰᠦ ︵甜葶苈︶ ᠤᠨ ᠦᠢᠯᠡᠳᠦᠯ  ᠨᠢ ᠡᠭᠦᠨ ᠲᠠᠢ ᠠᠳᠠᠯᠢ᠃      40.ᠰᠢᠭᠢᠷ ᠡᠪᠡᠰᠦ ︵甘草︶ ᠪᠤᠯ ᠪᠤᠷᠴᠠᠭ ᠤᠨ ᠢᠵᠠᠭᠤᠷ᠂ ᠰᠢᠭᠢᠷ ᠡᠪᠡᠰᠦᠨ ᠤ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠮᠥᠨ᠂ ᠦᠨᠳᠦᠰᠦᠯᠢᠭ ᠡᠰᠢ ᠨᠢ ᠡᠮ ᠳᠤ ᠤᠷᠤᠨ᠎ᠠ᠃ ᠠᠭᠤᠰᠭᠢᠨ ᠬᠠᠯᠠᠭᠤᠨ᠂ ᠬᠠᠨᠢᠶᠠᠳᠤ᠂ ᠬᠤᠳᠤᠭᠤᠳᠤ ᠭᠡᠳᠡᠰᠦᠨ ᠤ ᠪᠤᠷᠤ᠂ ᠰᠤᠳᠠᠯ ᠤᠨ ᠡᠪᠡᠳᠴᠢᠨ᠂ ᠬᠤᠭᠤᠯᠠᠢ ᠶᠢᠨ ᠡᠪᠡᠳᠴᠢᠨ ᠵᠡᠷᠭᠡ ᠶᠢ ᠵᠠᠰᠠᠨ᠎ᠠ᠃      41.ᠴᠠᠭᠠᠨ ᠦᠨᠳᠦᠰᠦ ︵玉竹︶ ᠶᠢ ᠲᠦᠪᠡᠳ ᠢᠶᠠᠷ ᠵᠠᠪᠠ ᠳᠡᠭ᠃ ᠴᠠᠭᠠᠨ ᠦᠨᠳᠦᠰᠦ ᠪᠤᠯ ᠰᠠᠷᠠᠯᠠᠩ ᠤᠨ ᠢᠵᠠᠭᠤᠷ᠂ ᠴᠠᠭᠠᠨ ᠬᠤᠷ᠎ᠠ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠂ ᠪᠠᠰᠠ ᠮᠤᠬᠤᠷ ᠴᠠᠭᠠᠨ ᠭᠡᠵᠤ ᠭᠡᠯᠡᠳᠡᠭ᠃ ᠦᠨᠳᠦᠰᠦᠯᠢᠭ ᠡᠰᠢ ᠨᠢ ᠡᠮ ᠳᠤ ᠤᠷᠤᠨ᠎ᠠ᠃ ᠲᠠᠮᠢᠷ ᠲᠤᠷᠤᠢ᠂ ᠲᠤᠰᠤᠯ ᠴᠤᠪᠤᠷᠢᠬᠤ᠂ ᠪᠡᠯᠭᠡᠰ ᠰᠤᠯᠠᠷᠠᠬᠤ᠂ ᠪᠦᠭᠡᠷ᠎ᠡ ᠪᠡᠯᠭᠡᠰ ᠤᠨ ᠭᠦᠢᠳᠡᠨ᠂ ᠭᠦᠯ ᠨᠢᠷᠤᠭᠤ ᠡᠪᠡᠳᠭᠦ᠂ ᠠᠭᠤᠰᠭᠢ ᠶᠢᠨ ᠰᠦᠷᠢᠶ᠎ᠡ ᠪᠠᠷ ᠬᠠᠨᠢᠶᠠᠬᠤ᠂ ᠰᠢᠷ᠎ᠠ ᠤᠰᠤᠨ ᠡᠪᠡᠳᠴᠢᠨ ᠵᠡᠷᠭᠡ ᠶᠢ ᠵᠠᠰᠠᠨ᠎ᠠ᠃      42.ᠬᠤᠨᠢᠨ ᠱᠦᠭᠦᠷ ︵防风︶ ᠢ ᠲᠦᠪᠡᠳ ᠢᠶᠠᠷ ᠰᠤᠷᠤᠯᠤᠰᠧᠷᠪᠤ ᠭᠡᠳᠡᠭ᠃ ᠰᠢᠭᠦᠷ ᠭᠡᠯᠪᠡᠷᠢᠳᠦ ᠴᠡᠴᠡᠭ ᠤᠨ ᠢᠵᠠᠭᠤᠷ᠂ ᠬᠤᠨᠢᠨ ᠱᠦᠭᠦᠷ ᠤᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠶᠤᠮ᠂ ᠦᠨᠳᠦᠰᠦ ᠨᠢ ᠡᠮ ᠳᠤ ᠤᠷᠤᠨ᠎ᠠ᠃ ᠬᠠᠯᠠᠭᠤᠨ ᠭᠦᠢᠳᠡᠨ ᠭᠢᠮᠤᠷᠠᠭᠰᠠᠨ᠂ ᠭᠦᠯᠦᠰᠦ ᠭᠠᠷᠬᠤ ᠦᠭᠡᠢ ᠪᠠᠷ ᠲᠤᠯᠤᠭᠠᠢ ᠡᠪᠡᠳᠭᠦ᠂ ᠬᠤᠶᠠᠩ ᠰᠢᠷ᠎ᠠ ᠤᠰᠤᠨ ᠤ ᠡᠪᠡᠳᠴᠢᠨ᠂ ᠰᠠ ᠡᠪᠡᠳᠴᠢᠨ᠂ ᠮᠡᠳᠡᠷᠡᠯ ᠢᠶᠠᠷ ᠡᠪᠡᠳᠭᠦ᠂ ᠭᠠᠳᠠᠷ ᠰᠢᠷᠬ᠎ᠠ ᠶᠢᠨ ᠬᠠᠯᠠᠭᠤᠨ ᠢᠶᠠᠷ ᠳᠠᠳᠠᠯᠳᠠᠬᠤ ᠵᠡᠷᠭᠡ ᠡᠪᠡᠳᠴᠢᠨ ᠢ ᠵᠠᠰᠠᠨ᠎ᠠ᠃      43.ᠪᠤᠷᠨᠠᠭ᠎ᠠ ᠭᠦᠵᠢ ︵苍术︶ ᠪᠤᠯ ᠤᠳᠠᠪᠠᠯ᠎ᠠ ᠶᠢᠨ ᠢᠵᠠᠭᠤᠷ᠂ ᠭᠦᠭᠡ ᠭᠦᠵᠢ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠮᠥᠨ᠂ ᠦᠨᠳᠦᠰᠦᠯᠢᠭ ᠡᠰᠢ ᠨᠢ ᠡᠮ ᠳᠤ ᠤᠷᠤᠨ᠎ᠠ᠃ ᠴᠡᠭᠡᠵᠢ ᠲᠦᠭᠦᠷᠡᠭᠦ᠂ ᠭᠡᠪᠡᠯᠢ ᠭᠦᠭᠡᠭᠡᠭᠦ᠂ ᠡᠰᠡ ᠰᠢᠩᠭᠡᠭᠰᠡᠨ᠂ ᠬᠤᠳᠤᠭᠤᠳᠤᠨ ᠡᠪᠡᠳᠴᠢᠨ᠂ ᠦᠶ᠎ᠡ ᠭᠡᠰᠢᠭᠦᠦ ᠡᠪᠡᠳᠭᠦ᠂ ᠲᠠᠭᠢᠶᠠᠨ ᠬᠠᠷᠠᠩ ᠡᠪᠡᠳᠴᠢᠨ ᠵᠡᠷᠭᠡ ᠶᠢ ᠵᠠᠰᠠᠨ᠎ᠠ᠃      44.ᠮᠠᠳᠠᠷ ᠤᠨ ᠭᠢᠮᠤᠰᠤ ︵卷柏︶ ᠶᠢ ᠲᠦᠪᠡᠳ ᠢᠶᠠᠷ ᠦᠴᠦ᠋ᠰᠧᠷᠢᠨᠳᠧᠷᠮᠦ ᠭᠡᠳᠡᠭ᠃ ᠬᠠᠳᠠᠨ ᠵᠠᠪᠰᠠᠷ ᠤᠷᠭᠤᠳᠠᠭ᠃ ᠮᠠᠳᠠᠷ ᠤᠨ ᠭᠢᠮᠤᠰᠤ ᠡᠪᠡᠰᠦᠨ ᠤ ᠢᠵᠠᠭᠤᠷ᠂ ᠮᠠᠳᠠᠷ ᠤᠨ ᠭᠢᠮᠤᠰᠤ ᠡᠪᠡᠰᠦᠨ ᠤ ᠲᠦᠷᠦᠯ ᠤᠨ ᠤᠯᠠᠨ ᠨᠠᠰᠤᠳᠤ ᠮᠦᠩᠭᠡ ᠨᠤᠭᠤᠭᠠᠨ ᠡᠪᠡᠰᠦᠯᠢᠭ ᠤᠷᠭᠤᠮᠠᠯ ᠶᠤᠮ᠃ ᠪᠦᠭᠦᠯᠢ ᠡᠪᠡᠰᠦ ᠨᠢ ᠡᠮ ᠳᠤ ᠤᠷᠤᠨ᠎ᠠ᠃ ᠡᠮᠡᠭᠳᠠᠶᠢᠴᠤᠳ ᠤᠨ ᠨᠠᠷᠠᠢ ᠬᠠᠯᠠᠭᠤᠨ᠂ ᠰᠠᠷ᠎ᠠ ᠶᠢᠨ ᠭᠬᠢᠷ ᠬᠤᠷᠢᠭᠳᠠᠬᠤ᠂ ᠰᠠᠷ᠎ᠠ ᠶᠢᠨ ᠭᠬᠢᠷ ᠢᠷᠡᠭᠦ ᠳᠤ ᠡᠪᠡᠳᠭᠦ᠂ ᠭᠡᠳᠡᠰᠦᠨ ᠠᠴᠠ ᠴᠢᠰᠤ ᠭᠠᠷᠬᠤ᠂ ᠴᠠᠭᠠᠨ ᠮᠢᠬ᠎ᠠ ᠤᠷᠪᠠᠭ᠋ᠤ᠂ ᠤᠭᠰᠢᠨ ᠬᠠᠨᠢᠶᠠᠬᠤ᠂ ᠤᠶᠢᠴᠠᠭᠰᠠᠨ ᠰᠢᠷᠬ᠎ᠠ᠂ ᠰᠢᠵᠢᠩ ᠡᠪᠡᠳᠴᠢᠨ ᠵᠡᠷᠭᠡ ᠶᠢ ᠵᠠᠰᠠᠨ᠎ᠠ᠃      45.ᠤᠳᠤᠯ ︵香蒲︶ ᠪᠤᠯ ᠵᠡᠭᠡᠰᠦ ᠶᠢᠨ ᠢᠵᠠᠭᠤᠷ᠂ ᠵᠡᠭᠡᠰᠦ ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠂ ᠤᠳᠤᠯ ᠤᠨ ᠡᠷ᠎ᠡ ᠪᠡᠯᠭᠡᠳᠦ ᠪᠠᠭ ᠴᠡᠴᠡᠭ ᠨᠢ ᠡᠮ ᠳᠤ ᠤᠷᠤᠳᠠᠭ᠃ ᠰᠠᠷ᠎ᠠ ᠶᠢᠨ ᠭᠬᠢᠷ ᠬᠤᠷᠢᠭᠳᠠᠬᠤ᠂ ᠭᠦᠩᠭᠡᠵᠢᠭᠰᠡᠨ ᠤ ᠲᠠᠷᠠᠭ᠎ᠠ ᠭᠡᠪᠡᠯᠢ ᠡᠪᠡᠳᠭᠦ᠂ ᠠᠶᠤᠤᠯᠢᠬᠠᠢ ᠳᠡᠭᠡᠷ᠎ᠡ ᠡᠪᠡᠳᠭᠦ᠂ ᠬᠠᠮᠠᠷ ᠠᠴᠠ ᠴᠢᠰᠤ ᠭᠠᠷᠬᠤ᠂ ᠴᠢᠰᠤ ᠪᠠᠷ ᠪᠦᠭᠡᠯᠵᠢᠭᠦ᠂ ᠴᠢᠰᠤ ᠪᠠᠷ ᠪᠠᠭᠠᠬᠤ᠂ ᠴᠢᠰᠤ ᠲᠠᠢ ᠰᠢᠭᠡᠭᠦ᠂ ᠲᠠᠪᠤᠰᠠᠩ ᠤᠨ ᠥᠷᠪᠢᠰᠦᠯ᠂ ᠰᠢᠭᠡᠰᠦᠨ ᠵᠠᠮ ᠤᠨ ᠥᠷᠪᠢᠰᠦᠯ᠂ ᠤᠶᠢᠴᠠᠭᠰᠠᠨ ᠰᠢᠷᠬ᠎ᠠ᠂ ᠬᠠᠪᠤᠳᠠᠷ ᠶᠠᠷ᠎ᠠ᠂ ᠤᠯᠠᠭᠠᠨ ᠢᠶᠠᠷ ᠪᠠᠭᠤᠯᠭᠠᠬᠤ᠂ ᠬᠤᠰᠭᠢᠨᠠᠭ  ᠤᠨ ᠭᠦᠪᠳᠦᠷᠦᠦ ᠠᠴᠠ ᠴᠢᠰᠤ ᠭᠠᠷᠬᠤ ᠵᠡᠷᠭᠡ ᠶᠢ ᠵᠠᠰᠠᠨ᠎ᠠ᠃      46.ᠰᠤᠭᠤᠷᠠᠢ ︵ᠦᠮᠡᠭᠡᠢ ᠦᠨᠳᠦᠰᠦ︶ ︵白藓︶ ᠪᠤᠯ ᠰᠦᠯᠦ ᠬᠠᠷᠠᠪᠠᠷ ᠤᠨ ᠢᠵᠠᠭᠤᠷ᠂ ᠰᠤᠭᠤᠷᠠᠢ  ᠶᠢᠨ ᠲᠦᠷᠦᠯ ᠤᠨ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠂ ᠦᠨᠳᠦᠰᠦ ᠶᠢᠨ ᠬᠠᠯᠢᠰᠤ ᠨᠢ ᠡᠮ ᠳᠤ ᠤᠷᠤᠨ᠎ᠠ᠃ ᠦᠶ᠎ᠡ ᠭᠡᠰᠢᠭᠦᠦ ᠶᠢᠨ ᠰᠢᠷ᠎ᠠ ᠤᠰᠤᠨ ᠡᠪᠡᠳᠴᠢᠨ᠂ ᠡᠯᠢᠭᠡᠨ ᠥᠷᠪᠢᠰᠦᠯ᠂ ᠬᠠᠮᠠᠭᠤ᠂ ᠢᠯᠢᠳᠦ᠂ ᠴᠢᠨ᠋ᠸ᠎ᠠ  ᠶᠢᠨ ᠭᠦᠷᠪᠡᠰᠢ᠂ ᠠᠷᠠᠰᠤᠨ ᠡᠪᠡᠳᠴᠢᠨ᠂ ᠨᠤᠶᠢᠳᠠᠨ ᠭᠦᠪᠳᠦᠷᠦᠦ᠂ ᠰᠢᠷᠬᠠᠨ ᠠᠴᠠ ᠴᠢᠰᠤ ᠭᠠᠷᠬᠤ ᠵᠡᠷᠭᠡ ᠶᠢ ᠵᠠᠰᠠᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号