ᠲᠡᠭᠡᠷ᠎ᠡ ᠵᠠᠭᠤᠨ ᠤ ᠲᠠᠯᠠᠭᠠᠳ ᠤᠨ ᠤ ᠡᠭᠢᠨ ᠤ ᠪᠦᠷᠢᠳᠭᠡᠯ ᠢ ᠦᠨᠳᠦᠰᠦᠯᠡᠪᠡᠯ᠂ ᠤᠩᠨᠢᠭᠤᠳ ᠬᠤᠰᠢᠭᠤᠨ | ᠳᠤ 475 ᠲᠦᠷᠦᠯ᠂ 78 ᠢᠵᠠᠭᠤᠷ᠂ 265 ᠪᠠᠭ ᠵᠡᠷᠯᠢᠭ ᠤᠷᠭᠤᠮᠠᠯ ᠪᠠᠶᠢᠵᠠᠢ᠃ ᠡᠭᠦᠨ ᠤ ᠳᠤᠳᠤᠷ᠎ᠠ ᠮᠤᠩᠭᠤᠯ | ᠭᠢᠳᠠᠳ ᠡᠮ ᠳᠤ ᠤᠷᠤᠬᠤ ᠡᠮᠳᠤ ᠤᠷᠭᠤᠮᠠᠯ ᠢ ᠪᠦᠷᠢᠳᠭᠡᠪᠡᠯ ᠳᠤᠤᠷᠠᠭᠢ ᠮᠡᠳᠦ᠄ | ᠨᠢᠭᠡ᠂ ᠮᠤᠳᠤᠨ ᠡᠮ ᠤᠳ | 1᠂ ᠨᠠᠷᠠᠰᠤ ︵油松︶ ᠪᠤᠯ ᠨᠠᠷᠠᠰᠤᠨ ᠤ ᠢᠵᠠᠭᠤᠷ ᠤᠨ ᠮᠦᠩᠭᠡ ᠨᠤᠭᠤᠭᠠᠨ ᠲᠤᠷᠤᠭ ᠮᠤᠳᠤ ᠪᠤᠯᠤᠨ᠎ᠠ᠃ | ᠨᠠᠷᠠᠰᠤᠨ ᠮᠤᠳᠤᠨ ᠤ ᠭᠡᠰᠢᠭᠦᠦ᠂ ᠲᠠᠪᠠᠷᠬᠠᠢ᠂ ᠲᠤᠷᠤᠰᠤ᠂ ᠨᠠᠪᠴᠢ᠂ ᠴᠡᠴᠡᠭ ᠤᠨ ᠲᠤᠭᠤᠰᠤ᠂ ᠦᠷ᠎ᠡ ᠨᠢ ᠪᠦᠷ ᠡᠮ ᠳᠤ | ᠤᠷᠤᠨ᠎ᠠ᠃ | 2᠂ ᠦᠷᠭᠦᠭᠡᠰᠦᠳᠦ ᠠᠷᠴᠠ ︵杜松︶ ᠪᠤᠯ ᠠᠷᠴᠠ ᠶᠢᠨ ᠢᠵᠠᠭᠤᠷ ᠤᠨ ᠮᠦᠩᠭᠡ ᠨᠤᠭᠤᠭᠠᠨ ᠪᠠᠭ᠎ᠠ | ᠲᠤᠷᠤᠭ ᠮᠤᠳᠤ ᠪᠤᠯᠤᠨ᠎ᠠ᠃ ᠤᠩᠨᠢᠭᠤᠳ ᠮᠤᠩᠭᠤᠯᠴᠤᠳ ᠲᠡᠭᠦᠨ ᠢ ᠠᠭᠠᠷᠤ ᠭᠡᠳᠡᠭ᠃ ᠵᠢᠮᠢᠰ᠂ ᠨᠠᠪᠴᠢ ᠨᠢ ᠡᠮ ᠳᠤ | ᠤᠷᠤᠨ᠎ᠠ᠃ | 3᠂ ᠢᠮᠠᠭᠠᠨ ᠠᠷᠴᠠ ︵沙地园柏︶ ᠪᠤᠯ ᠠᠷᠴᠠᠶᠢᠨ ᠢᠵᠠᠭᠤᠷᠤᠨ ᠦᠭᠡᠷ ᠠᠷᠴᠠ ᠲᠦᠷᠦᠯᠤᠨ | ᠮᠦᠩᠭᠡ ᠨᠤᠭᠤᠭᠠᠨ ᠮᠦᠯᠭᠦᠵᠤ ᠤᠷᠭᠤᠬᠤ ᠪᠤᠳᠠ ᠮᠤᠳᠤ ᠪᠤᠯᠤᠨ᠎ᠠ᠃ ᠵᠢᠮᠢᠰ ᠪᠠ ᠨᠠᠪᠴᠢ ᠨᠢ ᠡᠮ ᠳᠤ ᠤᠷᠤᠨ᠎ᠠ᠃ | 4᠂ ᠠᠭᠤᠯᠠᠨ ᠤᠯᠢᠶᠠᠰᠤ ︵山杨︶ ᠪᠤᠯ ᠤᠳᠠ ᠤᠯᠢᠶᠠᠰᠤ ᠶᠢᠨ ᠢᠵᠠᠭᠤᠷ ᠤᠨ ᠨᠠᠪᠴᠢ ᠵᠤᠯᠭᠠᠷᠠᠬᠤ | ᠲᠤᠷᠤᠭ ᠮᠤᠳᠤ ᠪᠤᠯᠤᠨ᠎ᠠ᠃ ᠲᠤᠷᠤᠰᠤ᠂ ᠨᠠᠶᠢᠯᠵᠢᠭᠤᠷ᠂ ᠡᠷ᠎ᠡ ᠪᠠᠭ ᠴᠡᠴᠡᠭ ᠨᠢ ᠡᠮ ᠳᠤ ᠤᠷᠤᠨ᠎ᠠ᠃ | 5᠂ ᠬᠠᠭᠢᠷ ᠤᠳᠠ ︵旱柳︶ ᠪᠤᠯ ᠤᠳᠠ ᠤᠯᠢᠶᠠᠰᠤ ᠶᠢᠨ ᠢᠵᠠᠭᠤᠷ ᠤᠨ ᠨᠠᠪᠴᠢ ᠵᠤᠯᠭᠠᠷᠠᠬᠤ | ᠲᠤᠷᠤᠭ ᠮᠤᠳᠤ ᠪᠤᠯᠤᠨ᠎ᠠ᠃ ᠦᠨᠳᠦᠰᠦ᠂ ᠰᠠᠯᠠᠭ᠎ᠠ᠂ ᠲᠤᠷᠤᠰᠤ᠂ ᠨᠠᠪᠴᠢ᠂ ᠤᠩᠭᠠᠷᠢᠯ᠂ ᠳᠡᠯᠳᠡᠦ ᠨᠢ ᠡᠮ ᠳᠤ ᠤᠷᠤᠨ᠎ᠠ᠃ | 6᠂ ᠴᠠᠭᠠᠨ ᠬᠤᠰᠤ ︵白桦︶ ᠪᠤᠯ ᠬᠤᠰᠤ ᠮᠤᠳᠤᠨ ᠤ ᠢᠵᠠᠭᠤᠷ ᠤᠨ ᠨᠠᠪᠴᠢ ᠵᠤᠯᠭᠠᠷᠠᠬᠤ ᠲᠤᠷᠤᠭ | ᠮᠤᠳᠤ ᠪᠤᠯᠤᠨ᠎ᠠ᠃ ᠵᠦᠭᠡᠯᠡᠨ ᠬᠠᠯᠢᠰᠤ ᠨᠢ ᠡᠮ ᠳᠤ ᠤᠷᠤᠨ᠎ᠠ᠃ | 7᠂ ᠴᠠᠷᠠᠰᠤ ︵蒙古栎︶ ᠪᠤᠯ ᠴᠠᠷᠠᠰᠤᠨ ᠢᠵᠠᠭᠤᠷ᠂ ᠴᠠᠷᠠᠰᠤᠨ ᠲᠦᠷᠦᠯᠤᠨ ᠨᠠᠪᠴᠢ ᠵᠤᠯᠭᠠᠷᠠᠬᠤ | ᠲᠤᠷᠤᠭ ᠮᠤᠳᠤ ᠪᠤᠯᠤᠨ᠎ᠠ᠃ ᠦᠷ᠎ᠡ᠂ ᠭᠠᠷᠠᠰᠤᠶᠢᠨ ᠠᠶᠠᠭ᠎ᠠ᠂ ᠲᠠᠪᠠᠷᠬᠠᠢ᠂ ᠬᠠᠯᠢᠰᠤ᠂ ᠲᠤᠷᠤᠰᠤᠨᠢ ᠡᠮ ᠳᠤ ᠤᠷᠤᠨ᠎ᠠ᠃ | 8᠂ ᠭᠡᠷ ᠤᠨ ᠬᠠᠶᠢᠯᠠᠰᠤ ︵家榆︶ ᠪᠤᠯ ᠬᠠᠶᠢᠯᠠᠰᠤ ᠶᠢᠨ ᠢᠵᠠᠭᠤᠷ ᠤᠨ ᠨᠠᠪᠴᠢ ᠵᠤᠯᠭᠠᠷᠠᠬᠤ ᠲᠤᠷᠤᠭ | ᠮᠤᠳᠤ ᠪᠤᠯᠤᠨ᠎ᠠ᠃ ᠲᠤᠷᠤᠰᠤ᠂ ᠨᠠᠪᠴᠢ᠂ ᠵᠤᠭ᠎ᠠ ᠨᠢ ᠡᠮ ᠳᠤ ᠤᠷᠤᠨ᠎ᠠ᠃ ᠵᠤᠭ᠎ᠠ ᠶᠢ ᠨᠢ ᠢᠳᠡᠵᠤ ᠪᠤᠯᠤᠨ᠎ᠠ᠃ | 9᠂ ᠳᠡᠯᠳᠦ ︵大果榆 黄榆︶ ᠪᠤᠯ ᠬᠠᠶᠢᠯᠠᠰᠤ ᠶᠢᠨ ᠢᠵᠠᠭᠤᠷ᠂ ᠬᠠᠶᠢᠯᠠᠰᠤᠨ ᠤ ᠲᠦᠷᠦᠯ | ᠤᠨ ᠪᠠᠭ᠎ᠠ ᠲᠤᠷᠤᠭ ᠮᠤᠳᠤ ᠪᠤᠶᠤ ᠪᠤᠳᠠ ᠮᠤᠳᠤ ᠪᠤᠯᠤᠨ᠎ᠠ᠃ ᠵᠢᠮᠢᠰ᠂ ᠲᠤᠭᠳᠤᠢ ᠬᠠᠯᠢᠰᠤ᠂ ᠦᠷ᠎ᠡ ᠨᠢ ᠡᠮ ᠳᠤ | ᠤᠷᠤᠨ᠎ᠠ᠃ | 10᠂ ᠮᠤᠩᠭᠤᠯ ᠢᠯᠠᠮ᠎ᠠ ︵蒙古桑︶ ᠪᠤᠯ ᠢᠯᠠᠮ᠎ᠠ ᠶᠢᠨ ᠢᠵᠠᠭᠤᠷ᠂ ᠢᠯᠠᠮ᠎ᠠ ᠶᠢᠨ ᠲᠦᠷᠦᠯ ᠤᠨ | ᠲᠤᠷᠤᠭ ᠮᠤᠳᠤ ᠪᠤᠯᠤᠨ᠎ᠠ᠃ ᠲᠤᠷᠤᠳᠠᠰᠤ᠂ ᠨᠠᠪᠴᠢ᠂ ᠰᠠᠯᠠᠭ᠎ᠠ᠂ ᠵᠢᠮᠢᠰ ᠨᠢ ᠡᠮ ᠳᠤ ᠤᠷᠤᠨ᠎ᠠ᠃ ᠵᠢᠮᠢᠰ ᠨᠢ ᠢᠳᠡᠭᠦ ᠳᠤ | ᠠᠮᠳᠠᠳᠠᠢ᠃ | 11᠂ ᠵᠡᠷᠯᠢᠭ ᠭᠦᠢᠯᠡᠰᠦ ︵山杏︶ ᠪᠤᠯ ᠴᠠᠩᠬᠤᠢ ᠶᠢᠨ ᠢᠵᠠᠭᠤᠷ᠂ ᠭᠦᠢᠯᠡᠰᠦᠨ ᠲᠦᠷᠦᠯ ᠤᠨ ᠪᠠᠭ᠎ᠠ | ᠲᠤᠷᠤᠭ ᠮᠤᠳᠤ ᠪᠤᠶᠤ ᠪᠤᠳᠠ ᠮᠤᠳᠤ ᠪᠤᠯᠤᠨ᠎ᠠ᠃ ᠴᠦᠮ᠎ᠡ ᠨᠢ ᠡᠮ ᠳᠤ ᠤᠷᠤᠨ᠎ᠠ᠃ | 12᠂ ᠰᠢᠷ᠎ᠠ ᠵᠠᠮᠤᠷ ︵黄剌玫︶ ᠪᠤᠯ ᠴᠠᠩᠬᠤᠢ ᠶᠢᠨ ᠢᠵᠠᠭᠤᠷ᠂ ᠴᠠᠩᠬᠤᠢ ᠶᠢᠨ ᠲᠦᠷᠦᠯ ᠤᠨ ᠪᠤᠳᠠ | ᠮᠤᠳᠤ ᠪᠤᠯᠤᠨ᠎ᠠ᠃ ᠴᠡᠴᠡᠭ ᠨᠢ ᠡᠮ ᠳᠤ ᠤᠷᠤᠨ᠎ᠠ᠃ |