ᠰᠤᠷᠭᠠᠨ ᠬᠥᠮᠥᠵᠢᠯ ᠤᠨ ᠰᠢᠨ᠎ᠡ ᠤᠨᠤᠯᠵᠢᠬᠤᠨ ᠤ ᠲᠡᠭᠦᠪᠤᠷᠢᠯᠡᠯ
ᠨᠡᠶᠢᠲᠡᠯᠡᠭᠰᠡᠨ ᠴᠠᠭ᠄
2023/12/18
     ⒈ ᠰᠤᠷᠭᠠᠨ ᠬᠥᠮᠥᠵᠢᠯ ᠨᠢ ᠵᠥᠪᠬᠡᠨ ᠴᠥᠭᠡᠨ ᠲᠤᠭᠠᠨ ᠤ ᠰᠤᠷᠤᠭᠴᠢ ᠳᠤ ᠬᠠᠨᠳᠤᠬᠤ ᠪᠢᠰᠢ᠂ ᠮᠥᠨᠴᠤ ᠤᠯᠠᠩᠬᠢ ᠲᠤᠭᠠᠨ ᠤ ᠰᠤᠷᠤᠭᠴᠢ ᠳᠤ ᠬᠠᠨᠳᠤᠬᠤ ᠪᠢᠰᠢ ᠬᠠᠷᠢᠨ ᠰᠤᠷᠤᠭᠴᠢ ᠪᠥᠬᠦᠨ ᠳᠤ ᠬᠠᠨᠳᠤᠬᠤ ᠬᠡᠷᠡᠭᠲᠡᠢ᠃      ⒉ᠰᠤᠷᠭᠠᠭᠤᠯᠢ ᠨᠢ ᠵᠥᠪᠬᠡᠨ ᠰᠤᠷᠤᠭᠴᠢ ᠶᠢᠨ ᠬᠥᠭᠵᠢᠯᠲᠡ ᠶᠢᠨ ᠲᠥᠯᠥᠭᠡ ᠭᠡᠵᠤ ᠥᠷᠥᠭᠡᠰᠤᠯ ᠢᠶᠠᠷ ᠤᠶᠢᠯᠠᠭᠠᠵᠤ ᠪᠤᠯᠬᠤ ᠦᠭᠡᠢ᠃ ᠤᠴᠢᠷ ᠨᠢ ᠪᠠᠭᠰᠢ ᠶᠢᠨ ᠬᠥᠭᠵᠢᠯᠲᠡ ᠪᠤᠯᠤᠨ ᠰᠤᠷᠤᠭᠴᠢ ᠶᠢᠨ ᠬᠥᠭᠵᠢᠯᠲᠡ ᠪᠤᠯ ᠨᠢᠭᠡᠨ ᠬᠤᠪᠢᠰᠤᠩᠭᠤᠢ ᠨᠢᠭᠡᠳᠤᠮᠡᠯ ᠴᠤᠭᠴᠠ ᠪᠤᠯᠤᠨ᠎ᠠ᠃ ᠪᠠᠭᠰᠢ ᠶᠢᠨ ᠬᠥᠭᠵᠢᠯᠲᠡ ᠨᠢ ᠰᠤᠷᠤᠭᠴᠢ ᠶᠢᠨ ᠬᠥᠭᠵᠢᠯᠲᠡ ᠶᠢ ᠨᠡᠩ ᠢᠯᠡᠭᠦᠤ ᠠᠬᠢᠭᠤᠯᠳᠠᠭ ᠤᠨ ᠤᠴᠢᠷ ᠠᠴᠠ ᠪᠠᠭᠰᠢ ᠶᠢᠨ ᠬᠥᠭᠵᠢᠯᠲᠡ ᠶᠢ ᠲᠠᠶᠠᠭᠳᠠᠵᠤ ᠰᠤᠷᠤᠭᠴᠢ ᠶᠢᠨ ᠬᠥᠭᠵᠢᠯᠲᠡ ᠶᠢ ᠬᠥᠭᠡᠭᠡᠴᠡᠯᠳᠤᠬᠦ ᠳᠤ ᠬᠦᠷᠪᠡᠯ ᠬᠠᠮᠤᠭ ᠡᠴᠤᠰ ᠲᠤ ᠪᠠᠨ ᠰᠤᠷᠤᠭᠴᠢ ᠶᠢᠨ ᠬᠥᠭᠵᠢᠯᠲᠡ ᠨᠢ ᠴᠤ ᠬᠤᠭᠤᠰᠤᠨ ᠪᠤᠯᠬᠤ ᠳᠤ ᠬᠦᠷᠤᠨ᠎ᠡ᠃      ⒊ ᠨᠡᠷ᠎ᠡ ᠨᠢᠳᠡᠷ ᠲᠤ ᠪᠠᠨ ᠲᠡᠩᠴᠡᠬᠦ ᠦᠭᠡᠢ ᠪᠠᠭᠰᠢ ᠵᠢᠭᠠᠨ ᠰᠤᠷᠭᠠᠯᠲᠠ ᠶᠢᠨ ᠳᠤᠮᠲᠠ ᠪᠠᠨ ᠰᠤᠷᠤᠭᠴᠢ ᠶᠢ ᠥᠪᠡᠷ ᠤᠨ ᠪᠡᠶ᠎ᠡ ᠳᠤ ᠪᠠᠨ ᠵᠤᠬᠢᠴᠠᠭᠤᠯᠬᠤ ᠪᠠᠷ ᠵᠣᠷᠢᠵᠣ᠂ ᠮᠡᠳᠡᠯᠭᠡ ᠶᠢ ᠳᠠᠭᠠᠭᠤᠯᠵᠤ ᠰᠤᠷᠤᠭᠴᠢ ᠤᠷᠤᠭᠤ ᠬᠠᠨᠳᠤᠳᠠᠭ᠃ ᠭᠡᠲᠡᠯ᠎ᠡ ᠰᠢᠯᠢᠳᠡᠭ ᠪᠠᠭᠰᠢ ᠨᠢ ᠬᠠᠷᠢᠨ ᠵᠢᠭᠠᠨ ᠰᠤᠷᠭᠠᠯᠲᠠ ᠶᠢᠨ ᠳᠤᠮᠳᠠ ᠪᠠᠨ ᠥᠪᠡᠷ ᠤᠨ ᠪᠡᠶ᠎ᠡ ᠶᠢ ᠰᠤᠷᠤᠭᠴᠢ ᠲᠠᠢ ᠪᠠᠨ ᠵᠤᠬᠢᠴᠠᠭᠤᠯᠵᠤ᠂ ᠰᠤᠷᠤᠭᠴᠢ ᠪᠠᠨ ᠳᠠᠭᠠᠭᠠᠤᠯᠵᠤ ᠮᠡᠳᠡᠯᠭᠡ ᠤᠷᠤᠭᠤ ᠬᠠᠨᠳᠤᠳᠠᠭ᠃      ⒋ ᠪᠠᠭᠰᠢ  ᠶᠢᠨ ᠥᠪ ᠦᠨᠡᠨ ᠴᠢᠳᠠᠪᠤᠷᠢ ᠨᠢ ᠮᠡᠳᠡᠯᠭᠡ ᠶᠢ ᠶᠠᠷᠢᠵᠤ ᠴᠢᠳᠠᠬᠤ ᠡᠰᠡᠬᠦ ᠳᠤ ᠪᠠᠶᠢᠬᠤ ᠪᠢᠰᠢ᠂ ᠬᠠᠷᠢᠨ ᠰᠤᠷᠤᠭᠴᠢ ᠶᠢᠨ ᠰᠤᠷᠬᠤ ᠤᠭ ᠰᠠᠨᠠᠭ᠎ᠠ ᠶᠢ ᠬᠥᠭᠵᠢᠭᠡᠵᠤ ᠴᠢᠳᠠᠬᠤ ᠡᠰᠡᠬᠦ᠂ ᠤᠷᠮ᠎ᠠ ᠪᠠᠬ᠎ᠠ ᠲᠠᠢ ᠪᠠᠷ ᠰᠤᠷᠬᠤ ᠠᠵᠢᠯᠯᠠᠭᠠᠨ ᠳᠤ ᠤᠷᠤᠯᠴᠠᠭᠤᠯᠵᠤ ᠴᠢᠳᠠᠬᠤ ᠡᠰᠡᠬᠦ ᠳᠤ ᠪᠠᠶᠢᠭ᠎ᠠ ᠶᠤᠮ᠃      ⒌ ᠨᠢᠭᠡᠳᠤᠭᠡᠷ ᠲᠡᠰ ᠤᠨ ᠰᠤᠷᠤᠭᠴᠢ ᠶᠢ ᠨᠢᠭᠡᠳᠤᠭᠡᠷ ᠲᠡᠰ ᠤᠨ ᠴᠢᠳᠠᠪᠤᠷᠢᠲᠠᠨ ᠪᠤᠯᠭᠠᠵᠤ ᠬᠥᠮᠤᠵᠢᠭᠦᠯᠦᠭᠰᠡᠨ ᠪᠠᠭᠰᠢ ᠪᠤᠯ ᠵᠥᠪᠬᠡᠨ ᠭᠤᠷᠪᠠᠳᠤᠭᠠᠷ ᠲᠡᠰ ᠤᠨ ᠪᠠᠭᠰᠢ ᠳᠤ ᠲᠤᠭᠠᠴᠠᠭᠳᠠᠨ᠎ᠠ᠃ ᠨᠢᠭᠡᠳᠤᠭᠡᠷ ᠲᠡᠰ  ᠤᠨ ᠪᠤᠰᠤ ᠰᠤᠷᠤᠭᠴᠢ ᠶᠢ ᠨᠢᠭᠡᠳᠤᠭᠡᠷ ᠲᠡᠰ ᠤᠨ ᠴᠢᠳᠠᠪᠤᠷᠢᠲᠠᠨ ᠪᠤᠯᠭᠠᠵᠤ ᠬᠦᠮᠦᠵᠢᠭᠦᠯᠦᠭᠰᠡᠨ ᠪᠠᠭᠰᠢ ᠨᠢ ᠰᠠᠶ᠋ᠢ ᠨᠢᠭᠡᠳᠤᠭᠡᠷ ᠲᠡᠰ ᠤᠨ ᠪᠠᠭᠰᠢ ᠮᠥᠨ᠃ ᠶᠠᠮᠠᠷ ᠴᠤ ᠨᠢᠭᠡᠨ ᠰᠤᠷᠭᠠᠨ ᠬᠥᠮᠤᠵᠢᠯ ᠤᠨ ᠤᠬᠠᠭᠠᠨᠲᠠᠨ ᠨᠢ ᠴᠤ ᠭᠡᠳ ᠪᠦᠷ ᠯᠠ ᠨᠢᠭᠡᠳᠤᠭᠡᠷ ᠲᠡᠰ ᠤᠨ ᠪᠤᠰᠤ ᠰᠤᠷᠤᠭᠴᠢ ᠶᠢ ᠬᠥᠮᠤᠵᠢᠭᠦᠯᠦᠭᠡᠳ ᠠᠮᠵᠢᠯᠲᠠ ᠤᠯᠤᠭᠰᠠᠨ ᠢᠶᠠᠷ  ᠢᠶᠠᠨ ᠥᠨᠡᠩᠬᠦ ᠰᠤᠷᠭᠠᠨ ᠬᠦᠮᠤᠵᠢᠯ ᠤᠨ ᠤᠬᠠᠭᠠᠨᠲᠠᠨ ᠪᠤᠯᠤᠭᠰᠠᠨ ᠪᠠᠶᠢᠳᠠᠭ ᠶᠤᠮ᠃      ⒍ ᠥᠨᠤᠳᠤᠷ ᠤᠨ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠲᠠ ᠳᠤ ᠤᠷᠤᠰᠢᠵᠤ ᠪᠠᠶᠢᠭ᠎ᠠ ᠬᠠᠮᠤᠭ ᠤᠨ ᠲᠤᠯᠤᠭᠠᠢ ᠡᠪᠡᠳᠬᠡᠳᠡᠭ ᠠᠰᠠᠭᠤᠳᠠᠯ ᠪᠤᠯ ᠰᠤᠷᠤᠭᠴᠢ ᠠᠰᠠᠭᠤᠯᠲᠠ ᠳᠤᠷᠠᠳᠬᠤ ᠦᠭᠡᠢ ᠶᠠᠪᠤᠳᠠᠯ ᠪᠤᠯᠤᠨ᠎ᠠ᠃ ᠬᠡᠷᠪᠡ ᠰᠤᠷᠤᠭᠴᠢ ᠠᠰᠠᠭᠤᠯᠲᠠ ᠳᠤᠷᠠᠳᠬᠤ ᠳᠤ ᠬᠦᠷᠪᠡᠯ ᠳᠤᠷᠠᠳᠤᠭᠰᠠᠨ ᠠᠰᠠᠭᠤᠳᠠᠯ ᠤᠨ ᠬᠢᠨᠢ ᠵᠥᠪ ᠤᠨᠤᠪᠴᠢᠲᠤ ᠴᠢᠨᠠᠷ᠂ ᠯᠤᠭᠢᠭᠴᠢ ᠴᠢᠨᠠᠷ ᠢ ᠨᠢ ᠭᠤᠤᠯᠳᠠᠯᠭ᠎ᠠ ᠪᠤᠯᠭᠠᠬᠤ ᠪᠢᠰᠢ᠂ ᠬᠠᠷᠢᠨ ᠳᠤᠷᠠᠳᠤᠭᠰᠠᠨ ᠠᠰᠠᠭᠤᠳᠠᠯ ᠤᠨ ᠬᠢᠨᠢ ᠥᠪᠡᠷᠮᠢᠴᠡ ᠴᠢᠨᠠᠷ ᠪᠤᠯᠤᠨ ᠪᠦᠲᠦᠭᠡᠯᠴᠢ ᠴᠢᠨᠠᠷ ᠨᠢ ᠰᠠᠶ᠋ᠢ ᠥᠷᠲᠡᠭ ᠲᠠᠢ ᠵᠦᠢᠯ ᠪᠤᠯᠤᠨ᠎ᠠ᠃ ᠳᠤᠮᠳᠠᠳᠤ ᠤᠯᠤᠰ  ᠤᠨ ᠰᠤᠷᠭᠠᠨ ᠬᠥᠮᠤᠵᠢᠯ ᠤᠨ ᠠᠮᠵᠢᠯᠲᠠ ᠤᠯᠤᠭᠰᠠᠨ ᠡᠰᠡᠬᠦ  ᠶᠢ ᠬᠡᠮᠵᠢᠬᠦ ᠪᠠᠷᠢᠮᠵᠢᠶ᠎ᠠ ᠨᠢ ᠪᠤᠯ ᠠᠰᠠᠭᠤᠯᠲᠠ ᠲᠠᠢ ᠰᠤᠷᠤᠭᠴᠢ ᠶᠢ ᠠᠰᠠᠭᠤᠯᠲᠠ ᠥᠭᠡᠢ ᠪᠤᠯᠭᠠᠲᠠᠯ᠎ᠠ ᠵᠢᠭᠠᠨ ᠰᠤᠷᠭᠠᠨ᠎ᠠ᠃ ᠲᠡᠶᠢᠮᠤ ᠠᠴᠠ ᠳᠤᠮᠳᠠᠳᠤ ᠶᠢᠨ ᠰᠤᠷᠤᠭᠴᠢ  ᠶᠢᠨ ᠠᠩᠬᠢ ᠤᠨ  ᠨᠢ ᠤᠯᠠᠮ ᠦᠨᠳᠤᠷᠵᠢᠬᠦ  ᠶᠢ ᠳᠠᠭᠠᠯᠳᠤᠨ ᠠᠰᠠᠭᠤᠯᠲᠠ ᠨᠢ ᠤᠯᠠᠮ ᠴᠥᠭᠡᠷᠡᠳᠡᠭ᠃ ᠬᠡᠲᠡᠯ᠎ᠡ ᠠᠮᠧᠷᠢᠺᠠ ᠶᠢᠨ ᠰᠤᠷᠭᠠᠨ ᠬᠥᠮᠤᠵᠢᠯ  ᠤᠨ ᠠᠮᠵᠢᠯᠲᠠ ᠤᠯᠤᠭᠰᠠᠨ ᠡᠰᠡᠬᠦ  ᠶᠢ ᠬᠡᠮᠵᠢᠬᠦ ᠪᠠᠷᠢᠮᠵᠢᠶ᠎ᠠ ᠨᠢ ᠠᠰᠠᠭᠤᠯᠲᠠ ᠦᠭᠡᠢ ᠰᠤᠷᠤᠭᠴᠢ ᠶᠢ ᠵᠢᠭᠠᠨ ᠰᠤᠷᠭᠠᠭᠠᠳ ᠠᠰᠠᠭᠤᠯᠲᠠ  ᠶᠢ ᠲᠠᠰᠤᠷᠠᠯᠲᠠ ᠦᠭᠡᠢ ᠢᠯᠡᠷᠡᠭᠦᠯᠵᠤ ᠴᠢᠳᠠᠬᠤ ᠳᠤ ᠬᠦᠷᠦᠭᠦᠯᠳᠡᠭ ᠪᠠᠶᠢᠨ᠎ᠠ᠃ ᠰᠤᠷᠤᠭᠴᠢ ᠶᠢᠨ ᠳᠤᠷᠠᠳᠤᠭᠰᠠᠨ ᠠᠰᠠᠭᠤᠯᠲᠠ ᠶᠢ ᠪᠠᠭᠰᠢ ᠴᠤ ᠵᠠᠷᠢᠮ ᠳᠤ ᠪᠠᠨ ᠬᠠᠷᠢᠭᠤᠯᠵᠤ ᠳᠡᠶᠢᠯᠬᠦ ᠦᠭᠡᠢ ᠪᠤᠯᠭᠠᠬᠤ ᠳᠤ ᠬᠦᠷᠪᠡᠯ ᠡᠨᠡ ᠰᠠᠶ᠋ᠢ ᠠᠮᠵᠢᠯᠲᠠ ᠤᠯᠤᠭᠰᠠᠨ ᠳᠤ ᠲᠤᠭᠠᠴᠠᠭᠳᠠᠨ᠎ᠠ᠃ ᠲᠡᠶᠢᠮᠤ ᠠᠴᠠ ᠠᠮᠧᠷᠢᠺᠠ ᠶᠢᠨ ᠰᠤᠷᠤᠭᠴᠢᠳ ᠠᠩᠬᠢ ᠤᠨ ᠨᠢ ᠤᠯᠠᠮ ᠦᠨᠳᠤᠷᠵᠢᠬᠦ ᠶᠢ ᠳᠠᠭᠠᠯᠳᠤᠨ ᠤᠯᠠᠮ ᠡᠲᠡᠭᠡᠳ ᠰᠤᠨᠢᠨ ᠵᠦᠢᠯ ᠢ ᠰᠠᠨᠠᠵᠤ ᠤᠯᠳᠠᠭ ᠠᠴᠠ ᠡᠭᠦᠳᠤᠨ ᠪᠥᠲᠦᠭᠡᠬᠦ ᠶᠢᠨ ᠤᠬᠠᠮᠰᠠᠷ ᠪᠠᠶᠠᠯᠢᠭ ᠪᠤᠯᠳᠠᠭ ᠪᠠᠶᠢᠨ᠎ᠠ᠃      ⒎ ᠪᠠᠭᠰᠢ ᠪᠤᠯ ᠰᠤᠷᠭᠠᠨ ᠬᠦᠮᠤᠵᠢᠯ ᠤᠨ ᠬᠠᠷᠠᠯᠲᠠ ᠶᠢ ᠪᠡᠶᠡᠯᠡᠭᠦᠯᠦᠭᠴᠢ᠂ ᠵᠢᠭᠠᠨ ᠰᠤᠷᠭᠠᠬᠤ ᠠᠵᠢᠯᠯᠠᠭᠠᠨ ᠢ ᠵᠢᠯᠤᠭᠤᠳᠤᠭᠴᠢ ᠪᠠ ᠵᠢᠭᠠᠨ ᠰᠤᠷᠭᠠᠬᠤ ᠠᠷᠭ᠎ᠠ ᠶᠢ ᠰᠥᠪᠡᠭᠴᠢᠯᠡᠭᠴᠢ ᠮᠥᠨ᠃ ᠲᠡᠶᠢᠮᠤ ᠠᠴᠠ ᠪᠠᠭᠰᠢ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠲᠠ ᠳᠤᠮᠳᠠ ᠥᠪᠡᠷ ᠤᠨ ᠵᠢᠯᠤᠭᠤᠳᠤᠯᠭ᠎ᠠ ᠶᠢᠨ ᠴᠢᠨᠠᠷᠲᠡᠢ ᠰᠠᠨᠠᠯ ᠢᠶᠠᠨ ᠳᠤᠷᠠᠳᠬᠤ  ᠪᠠᠷ ᠶᠠᠭᠠᠷᠠᠵᠤ ᠪᠤᠯᠬᠤ ᠦᠭᠡᠢ᠂ ᠬᠠᠷᠢᠨ ᠤᠷᠢᠳᠠᠪᠠᠷ ᠰᠤᠷᠤᠭᠴᠢ ᠶᠢᠨ ᠡᠯ᠎ᠡ ᠵᠦᠢᠯ ᠤᠨ ᠰᠠᠨᠠᠯ ᠢ ᠠᠩᠬᠠᠷᠤᠯ ᠲᠠᠯᠪᠢᠨ ᠰᠤᠨᠤᠰᠬᠤ ᠬᠡᠷᠡᠭᠲᠡᠢ᠃ ᠪᠠᠭᠰᠢ ᠥᠪᠡᠷ ᠤᠨ ᠵᠤᠭᠰᠤᠯᠲᠠ ᠪᠠᠨ ᠠᠯᠪᠠ ᠪᠠᠷ ᠰᠤᠷᠤᠭᠴᠢ ᠶᠢ ᠬᠦᠯᠢᠶᠡᠨ ᠠᠪᠤᠭᠤᠯᠬᠤ  ᠪᠠᠷ ᠤᠷᠤᠯᠳᠤᠵᠤ ᠪᠤᠯᠬᠤ ᠦᠭᠡᠢ᠂ ᠬᠠᠷᠢᠨ ᠰᠤᠷᠤᠭᠴᠢ ᠶᠢᠨ ᠥᠪᠡᠷ ᠤᠨ ᠦᠵᠡᠯᠲᠡ ᠪᠠᠨ ᠳᠤᠷᠠᠳᠴᠤ ᠭᠠᠷᠭᠠᠬᠤ ᠶᠢ ᠵᠤᠷᠢᠭᠵᠢᠭᠤᠯᠬᠤ ᠬᠡᠷᠡᠭᠲᠡᠢ᠃ ᠰᠤᠷᠤᠭᠴᠢ ᠶᠢᠨ ᠢᠯᠡ ᠳᠤᠳᠤ ᠥᠪᠡᠷᠮᠢᠴᠡ ᠴᠢᠨᠠᠷ ᠢ ᠪᠥᠬᠦᠯᠢ ᠳᠤ ᠨᠢ ᠦᠭᠡᠶᠢᠰᠬᠡᠬᠦ ᠪᠤᠶᠤ ᠥᠩᠭᠡᠷᠡᠤ ᠮᠠᠭᠲᠠᠵᠤ ᠪᠤᠯᠬᠤ ᠦᠭᠡᠢ᠂ ᠬᠠᠷᠢᠨ ᠰᠤᠷᠤᠭᠴᠢ ᠶᠢᠨ ᠢᠯᠡ ᠲᠤᠳᠤ ᠥᠪᠡᠷᠮᠢᠴᠡ ᠴᠢᠨᠠᠷ ᠢ ᠵᠥᠪ ᠤᠨᠤᠪᠴᠢᠲᠡᠢ ᠲᠡᠶᠢᠰᠢ ᠪᠠᠨ ᠬᠥᠭᠵᠢᠭᠦᠯᠬᠦ ᠳᠤ ᠵᠢᠯᠤᠭᠤᠳᠤᠯᠭ᠎ᠠ ᠬᠢᠨ᠎ᠡ᠃      ⒏ ᠰᠤᠷᠭᠠᠨ ᠬᠥᠮᠤᠵᠢᠯ ᠤᠨ ᠢᠯᠠᠭᠳᠠᠭᠰᠠᠨ ᠡᠰᠡᠬᠦ ᠶᠢ ᠬᠡᠮᠵᠢᠬᠦ ᠪᠠᠷᠢᠮᠵᠢᠶ᠎ᠠ ᠨᠢ ᠦᠨᠡᠨ ᠳᠤ ᠪᠠᠨ ᠲᠤᠩ ᠳᠥᠭᠦᠮᠬᠡᠨ ᠪᠤᠯᠡᠢ᠃ ᠭᠠᠭᠴᠠᠬᠦ ᠰᠤᠷᠤᠭᠴᠢ ᠰᠤᠷᠬᠤ ᠪᠠᠷ ᠳᠠᠮᠵᠢᠭᠠᠳ ᠰᠤᠷᠤᠯᠴᠠᠯᠭ᠎ᠠ ᠳᠤ ᠪᠠᠨ ᠨᠡᠩ ᠬᠠᠶᠢᠷ᠎ᠠ ᠲᠠᠢ ᠪᠤᠯᠤᠭᠰᠠᠨ ᠶᠤᠮ ᠤᠤ ᠡᠰᠡᠬᠦᠯ᠎ᠡ ᠵᠢᠭᠰᠢᠬᠦ ᠪᠤᠯᠤᠭᠰᠠᠨ ᠶᠤᠮ ᠤᠤ ᠭᠡᠳᠡᠭ ᠢ ᠦᠵᠡᠪᠡᠯ ᠮᠡᠳᠡᠴᠢᠬᠡᠨ᠎ᠡ᠃      ⒐ ᠠᠮᠵᠢᠯᠲᠠ ᠲᠠᠢ ᠵᠢᠭᠠᠨ ᠰᠤᠷᠭᠠᠯᠲᠠ ᠭᠡᠳᠡᠭ ᠨᠢ ᠰᠤᠷᠤᠭᠴᠢᠳ ᠠᠳᠠᠯᠢ ᠪᠤᠰᠤ ᠶᠢᠨ ᠠᠰᠠᠭᠤᠯᠲᠠ ᠶᠢ ᠡᠪᠤᠷᠯᠡᠵᠤ ᠬᠢᠴᠢᠶᠡᠯ ᠤᠨ ᠲᠠᠩᠬᠢᠮ ᠳᠤ ᠤᠷᠤᠵᠤ ᠰᠤᠷᠤᠯᠴᠠᠭᠰᠠᠨ ᠤ ᠳᠠᠷᠠᠭ᠎ᠠ᠂ ᠨᠡᠩ ᠳᠡᠭᠡᠳᠤ ᠨᠢᠭᠡᠨ ᠲᠡᠭᠲᠡᠷ ᠳᠡᠭᠡᠷ᠎ᠡ ᠠᠴᠠ ᠠᠳᠠᠯᠢ ᠪᠤᠰᠤ ᠶᠢᠨ ᠰᠢᠨ᠎ᠡ ᠠᠰᠠᠭᠤᠯᠲᠠ  ᠶᠢ ᠪᠤᠢ ᠪᠤᠯᠭᠠᠭᠰᠠᠨ ᠪᠠᠶᠢᠬᠤ ᠶᠤᠰᠤᠲᠠᠢ᠃      ⒑ ᠪᠠᠭᠰᠢ ᠪᠤᠯᠤᠭᠰᠠᠳ ᠬᠢᠴᠢᠶᠡᠯ  ᠤᠨ ᠲᠠᠩᠬᠢᠮ ᠳᠤ ᠥᠪᠡᠷ ᠢ ᠪᠠᠨ ᠢᠯᠡᠷᠡᠭᠦᠯᠬᠦ ᠬᠥᠰᠡᠯ ᠢᠶᠠᠨ ᠬᠢᠵᠠᠭᠠᠷᠯᠠᠬᠤ ᠬᠡᠷᠡᠭᠲᠡᠢ᠃ ᠵᠥᠪᠬᠡᠨ ᠢᠩᠬᠢᠮᠡᠨᠵᠢᠨ ᠰᠠᠶ᠋ᠢ ᠰᠤᠷᠤᠭᠴᠢ ᠳᠤ ᠨᠡᠩ ᠢᠯᠡᠭᠦᠤ ᠥᠪᠡᠷ ᠢ ᠪᠠᠨ ᠢᠯᠡᠷᠡᠭᠦᠯᠬᠦ ᠲᠤᠬᠢᠶᠠᠯ ᠪᠠ ᠰᠡᠳᠬᠢᠨ ᠪᠤᠳᠤᠯᠬᠢᠯᠠᠬᠤ ᠴᠠᠭ ᠤᠯᠭᠤᠵᠤ ᠴᠢᠳᠠᠬᠤ ᠪᠤᠯᠤᠨ᠎ᠠ᠃ ᠤᠳᠤᠬᠠᠨ ᠤ ᠰᠤᠷᠤᠭᠴᠢ ᠶᠢᠨ ᠬᠢᠴᠢᠶᠡᠯ ᠤᠨ ᠲᠠᠩᠬᠢᠮ ᠳᠤ ᠲᠤᠲᠠᠭᠲᠠᠵᠤ ᠪᠠᠶᠢᠬᠤ ᠨᠢ ᠳᠠᠷᠤᠢ ᠳᠡᠭᠡᠷᠡᠬᠢ ᠬᠤᠶᠠᠷ ᠵᠦᠢᠯ ᠪᠤᠯᠤᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号