ᠪᠢᠳᠡᠭᠡᠢ ᠡᠷᠬᠢᠮᠰᠥᠭ ᠳᠥᠷᠢ ᠭᠠᠷᠭᠠᠬᠤ ᠴᠢᠬᠤᠯᠠ ᠲᠠᠢ ᠥᠶ᠎ᠡ ᠳᠤ ᠰᠠᠶ᠋ᠢ ᠠᠯᠪᠠ ᠪᠠᠷ ᠢᠨᠢᠶᠡᠮᠰᠦᠭᠯᠡᠭᠡᠴᠢ︕ | ᠪᠢᠳᠡᠭᠡᠢ ᠬᠠᠶᠢᠷ᠎ᠠ ᠶᠢ ᠣᠯᠣᠶ᠎ᠠ ᠭᠡᠵᠤ ᠬᠥᠰᠡᠬᠦ ᠥᠶ᠎ᠡ ᠳᠡᠭᠡᠨ ᠰᠠᠶ᠋ᠢ ᠥᠷᠡᠭᠳᠡᠯ ᠭᠠᠷᠭᠠᠭᠠᠴᠢ︕ | ᠪᠢᠳᠡᠭᠡᠢ ᠣᠶᠢᠳᠬᠠᠷᠯᠠᠬᠤ ᠥᠶ᠎ᠡ ᠳᠡᠭᠡᠨ ᠰᠠᠶ᠋ᠢ ᠨᠠᠶᠢᠵᠠ ᠪᠠᠨ ᠪᠣᠳᠣ︕ | ᠪᠢᠳᠡᠭᠡᠢ ᠬᠠᠮᠤᠭ ᠤᠨ ᠰᠠᠶᠢᠨ ᠠᠵᠢᠯ ᠣᠯᠣᠭᠰᠠᠨ ᠤ ᠳᠠᠷᠠᠭ᠎ᠠ ᠰᠠᠶ᠋ᠢ ᠴᠢᠷᠮᠠᠶᠢᠨ ᠠᠵᠢᠯᠯᠠᠬᠤ ᠶᠢ ᠪᠣᠳᠣ︕ | ᠪᠣᠰᠣᠳ ᠤᠨ ᠰᠠᠨᠠᠭᠤᠯᠭ᠎ᠠ ᠶᠢ ᠪᠢᠳᠡᠭᠡᠢ ᠢᠯᠠᠭᠳᠠᠭᠰᠠᠨ ᠥᠶ᠎ᠡ ᠳᠡᠭᠡᠨ ᠰᠠᠶ᠋ᠢ ᠪᠣᠳᠣᠵᠣ ᠣᠯ︕ | ᠪᠢᠳᠡᠭᠡᠢ ᠡᠪᠡᠳᠴᠢᠯᠡᠭᠰᠡᠨ ᠤ ᠳᠠᠷᠠᠭ᠎ᠠ ᠰᠠᠶ᠋ᠢ ᠠᠮᠢ ᠨᠠᠰᠣᠨ ᠤ ᠳᠣᠷᠣᠢ ᠪᠠᠭᠤᠷᠠᠢ ᠶᠢ ᠣᠬᠠᠮᠰᠠᠷᠠᠵᠤ ᠮᠠᠳᠠ︕ | ᠪᠢᠳᠡᠭᠡᠢ ᠥ ᠰᠡᠪ ᠥᠭᠡᠢ ᠬᠥᠮᠥᠨ ᠳᠠᠭᠠᠷᠠᠪᠠᠯ ᠰᠠᠶ᠋ᠢ ᠢᠨᠠᠭᠯᠠᠨᠠ ᠬᠡᠵᠤ ᠪᠣᠳᠣ︕ | ᠪᠢᠳᠡᠭᠡᠢ ᠰᠠᠯᠬᠤ ᠪᠣᠯᠣᠭᠠᠳ ᠰᠠᠶ᠋ᠢ ᠬᠠᠶᠢᠷ᠎ᠠ ᠰᠡᠳᠬᠢᠯᠭᠡ ᠪᠠᠨ ᠡᠷᠬᠢᠮᠯᠡᠭᠰᠡᠨ ᠥᠭᠡᠢ ᠭᠡᠵᠤ ᠭᠡᠮᠰᠢ︕ | ᠪᠢᠳᠡᠭᠡᠢ ᠢᠳᠡᠭᠡᠯ ᠵᠣᠷᠢᠭ ᠢ ᠵᠠᠪᠠᠯ ᠪᠣᠰᠣᠳ ᠤᠨ ᠮᠠᠭᠳᠠᠭᠠᠯ ᠰᠠᠶᠢᠰᠢᠶᠠᠯ ᠠᠴᠠ ᠣᠯᠬᠤ ᠭᠡᠵᠤ ᠬᠥᠰᠡ︕ | ᠪᠢᠳᠡᠭᠡᠢ ᠵᠠᠪᠠᠯ ᠪᠣᠰᠣᠳ ᠢᠶᠠᠷ ᠬᠡᠯᠡᠭᠦᠯᠵᠣ ᠪᠠᠶᠢᠮᠠᠨ ᠰᠠᠶ᠋ᠢ ᠥᠪᠡᠷ ᠤᠨ ᠪᠣᠷᠣᠭᠤ ᠪᠠᠨ ᠮᠡᠳᠡ︕ | ᠪᠢᠳᠡᠭᠡᠢ ᠵᠠᠪᠠᠯ ᠮᠣᠨᠳᠠᠭ ᠪᠠᠶᠠᠨ ᠪᠣᠯᠣᠭᠰᠠᠨ ᠤ ᠳᠠᠷᠠᠭ᠎ᠠ ᠰᠠᠶ᠋ᠢ ᠶᠠᠳᠠᠭᠤ ᠬᠥᠮᠥᠰ ᠢ ᠬᠠᠪᠰᠣᠷᠬᠤ ᠭᠡᠵᠤ | ᠬᠥᠯᠢᠶᠡ︕ | ᠪᠢᠳᠡᠭᠡᠢ ᠥᠬᠦᠬᠦ ᠴᠠᠭ ᠬᠥᠷᠥᠭᠡᠳ ᠰᠠᠶ᠋ᠢ ᠠᠮᠢᠳᠣᠷᠠᠯ ᠢ ᠥᠨᠡᠨᠬᠦ ᠬᠠᠶᠢᠷᠠᠯᠠᠭᠰᠠᠨ ᠥᠭᠡᠢ ᠭᠡᠵᠤ ᠭᠡᠮᠰᠢ︕ |