ᠺᠠᠯᠼ ᠶᠡᠬᠡᠲᠡᠢ᠂ ᠸᠢᠲ᠋ᠠᠮᠢᠨ ᠡᠯᠪᠡᠭ ᠪᠦᠭᠡᠳ ᠢᠰᠦᠯᠳᠦᠬᠦ ᠶᠢ ᠡᠰᠡᠷᠭᠦᠴᠡᠬᠦ ᠬᠠᠲᠠᠭᠤ ᠵᠢᠮᠢᠰ ᠢ ᠤᠳᠤ ᠢᠳᠡᠪᠡᠯ ᠬᠠᠮᠤᠭ ᠰᠠᠶᠢᠨ
ᠨᠡᠶᠢᠲᠡᠯᠡᠭᠰᠡᠨ ᠴᠠᠭ᠄
2024/10/28
     ᠰᠢᠳ ᠤᠨ ᠰᠠᠮᠤᠷ ᠪᠤᠯ ᠤᠯᠠᠨ ᠵᠢᠮᠢᠰ ᠤᠨ ᠲᠤᠲᠤᠷᠠᠬᠢ ᠤᠨᠴᠠᠭᠠᠢ ᠦᠨᠦᠷ ᠠᠮᠲᠠᠲᠠᠢ ᠰᠢᠮᠡᠳᠤ ᠵᠢᠮᠢᠰ ᠪᠤᠯᠤᠨ᠎ᠠ᠃ 100g ᠪᠦᠷᠢ ᠳᠤ 57.3g ᠦᠭᠡᠬᠦ ᠠᠭᠤᠯᠠᠭᠳᠠᠵᠦ ᠪᠠᠶᠢᠳᠠᠭ᠃ ᠰᠢᠳ ᠤᠨ ᠰᠠᠮᠤᠷ ᠲᠤ ᠡᠷᠤᠳᠠᠰᠤ ᠡᠯᠪᠡᠭ ᠪᠠᠶᠢᠳᠠᠭ ᠮᠦᠷᠲᠡᠭᠡᠨ ᠸᠢᠲ᠋ᠠᠮᠢᠨ ᠴᠦ ᠲᠤᠩ ᠶᠡᠭᠡ ᠪᠠᠶᠢᠳᠠᠭ᠂ ᠢᠯᠡᠩᠭᠤᠶ᠎ᠠ ᠸᠢᠲ᠋ᠠᠮᠢᠨ E ᠪᠤᠯᠤᠨ ᠸᠢᠲ᠋ᠠᠮᠢᠨ B6 ᠲᠤᠩ ᠡᠯᠪᠡᠭ᠃ ᠰᠢᠳ ᠤᠨ ᠰᠠᠮᠤᠷ ᠨᠢ ᠰᠦᠰᠦᠨ ᠤ ᠭᠤᠨᠠᠨ ᠠᠯᠠᠺᠤᠤᠯ ᠢ ᠪᠠᠭᠤᠷᠠᠭᠤᠯᠵᠦ᠂ ᠵᠢᠷᠦᠭᠡ ᠴᠢᠰᠤᠨ ᠰᠤᠳᠠᠰᠤ ᠶᠢᠨ ᠡᠷᠡᠭᠦᠯ ᠮᠡᠨᠳᠤ ᠶᠢ ᠬᠠᠮᠠᠭᠠᠯᠠᠳᠠᠭ᠃ ᠰᠢᠳ ᠤᠨ ᠰᠠᠮᠤᠷ ᠲᠤ ᠪᠠᠰᠠ‌ᠢᠰᠦᠯᠳᠦᠬᠦ ᠶᠢ ᠡᠰᠡᠷᠭᠦᠴᠡᠬᠦ ᠪᠤᠳᠠᠰ ᠲᠠᠢ ᠶᠤᠮ᠃ 100g ᠰᠢᠳ ᠤᠨ ᠰᠠᠮᠤᠷ ᠪᠦᠷᠢ ᠳᠤ 490.8mg ᠴᠡᠴᠡᠭ ᠤᠨ ᠪᠤᠲᠤᠭ ᠡᠭᠦᠰᠦᠭᠡᠭᠴᠢ ᠠᠭᠤᠯᠠᠭᠳᠠᠵᠦ᠂ ᠤᠯᠠᠭᠠᠨ ᠦᠵᠦᠮ ᠤᠨ ᠠᠷᠢᠬᠢ ᠶᠢᠨ 1.7 ᠳᠠᠬᠢᠨ᠂ ᠤᠯᠠᠭᠠᠨ ᠭᠦᠢᠯᠡᠰᠤ ᠶᠢᠨ 2.4 ᠳᠠᠬᠢᠨ ᠲᠠᠢ ᠳᠡᠩᠴᠡᠨ᠎ᠡ᠃ ᠡᠳᠡᠭᠡᠷ ᠢᠰᠦᠯᠳᠦᠬᠦ ᠶᠢ ᠡᠰᠡᠷᠭᠦᠴᠡᠬᠦ ᠪᠤᠳᠠᠰ ᠨᠢ ᠡᠰ ᠢ ᠰᠢᠷᠠᠭᠳᠤᠯ ᠠᠴᠠ ᠬᠠᠮᠠᠭᠠᠯᠳᠠᠭ ᠪᠤᠯᠬᠤᠷ ᠦᠲᠡᠯᠡᠬᠦ ᠶᠢ ᠤᠠᠳᠠᠭᠠᠰᠢᠷᠠᠭᠤᠯᠬᠤ ᠪᠠ ᠡᠪᠡᠳᠴᠢᠨ ᠡᠮᠬᠡᠭ ᠢ ᠰᠡᠷᠭᠡᠶᠢᠯᠡᠬᠦ ᠦᠢᠯᠡᠳᠤᠯ ᠲᠠᠢ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号