ᠤᠯᠠᠭᠠᠨ ᠡᠰᠡᠷᠭᠡᠨ᠎ᠡ ︵猩红热︶ ᠲᠤᠰ ᠡᠪᠡᠳᠴᠢᠨ ᠪᠣᠯ ᠭᠦᠬᠡᠭᠴᠢᠨ ᠬᠡᠯᠪᠡᠷᠢᠳᠤ ᠴᠢᠰᠤ | ᠬᠠᠶᠢᠯᠠᠭᠤᠯᠬᠤ ᠬᠡᠯᠭᠢᠶᠡᠰᠤᠳᠤ ᠪᠦᠭᠡᠷᠡᠩᠭᠡᠢ ᠪᠠᠺᠲ᠋ᠧᠷᠢ ︵乙型溶血性链球菌︶ ᠠᠴᠠ | ᠪᠤᠯᠤᠭᠰᠠᠨ ᠲᠦᠷᠭᠡᠨ ᠴᠢᠨᠠᠷᠳᠠᠢ ᠬᠠᠯᠳᠠᠪᠤᠷᠢᠳᠤ ᠡᠪᠡᠳᠴᠢᠨ ᠪᠤᠯᠤᠨ᠎ᠠ᠃ ᠡᠭᠦᠨ ᠢ ︽ᠯᠾᠠᠨᠲ᠋ᠠᠪ︾ ᠲᠤ ᠲᠡᠮᠳᠡᠭᠯᠡᠵᠤ | ᠪᠠᠶᠢᠭ᠎ᠠ ᠪᠧᠩᠭᠡ ᠶᠢᠨ ᠠᠬ᠎ᠠ ᠲᠡᠭᠦᠤ ᠲᠤᠯᠤᠭᠠᠨ ᠡᠪᠡᠳᠴᠢᠨ ᠤ ᠲᠦᠷᠤᠯ ᠳᠤ ᠪᠠᠭᠳᠠᠵᠤ ᠪᠤᠢ ᠭᠡᠵᠤ ᠦᠵᠡᠳᠡᠭ᠃ | ᠡᠨᠡ ᠨᠢ ᠨᠢᠶᠠᠨ ᠲᠠᠢ ᠪᠦᠭᠡᠳ ᠴᠢᠰᠤᠨ ᠬᠠᠯᠠᠭᠤᠨ ᠤ ᠴᠢᠨᠠᠷᠳᠠᠢ ᠡᠪᠡᠳᠴᠢᠨ ᠪᠤᠯᠤᠨ᠎ᠠ᠃ ᠢᠯᠡᠷᠡᠭᠦ ᠰᠢᠨᠵᠢ ᠲᠡᠮᠳᠡᠭ | ᠨᠢ ᠪᠡᠶ᠎ᠡ ᠬᠠᠯᠠᠭᠤᠷᠠᠬᠤ᠂ ᠵᠠᠯᠭᠢᠭᠤᠷ ᠨᠢ ᠦᠷᠪᠢᠰᠭᠦ᠂ ᠠᠷᠢᠰᠤᠨ ᠪᠢᠷᠵᠢᠭᠡᠷ ᠲᠠᠷᠬᠠᠬᠤ ᠪᠤᠯᠤᠨ᠎ᠠ᠃ ᠡᠪᠡᠳᠴᠢᠯᠡᠭᠰᠡᠨ ᠤ | ᠰᠡᠭᠦᠯᠡᠷ ᠲᠦᠷᠰᠤ ᠬᠤᠪᠢᠷᠠᠬᠤ ᠤᠷᠪᠠᠯ ᠠᠴᠠ ᠡᠭᠦᠰᠦᠭᠰᠡᠨ ᠵᠢᠷᠤᠬᠡ᠂ ᠪᠦᠭᠡᠷ᠎ᠡ ᠶᠢᠨ ᠡᠪᠡᠳᠴᠢᠨ ᠬᠠᠪᠰᠤᠷᠴᠤ ᠡᠭᠦᠰᠭᠦ | ᠪᠤᠯᠤᠯᠴᠠᠭ᠎ᠠ ᠴᠦ ᠪᠤᠢ᠃ | ᠰᠢᠵᠢᠯᠡᠨ ᠲᠤᠳᠤᠯᠠᠬᠤ᠄ | 1᠂ ᠡᠨᠡᠭᠦ ᠡᠪᠡᠳᠴᠢᠨ ᠪᠣᠯ ᠬᠠᠪᠤᠷ ᠲᠠᠭᠠᠨ ᠤᠯᠠᠨ ᠲᠤᠭᠢᠶᠠᠯᠳᠤᠳᠠᠭ᠂ ᠤᠯᠠᠭᠠᠨ ᠡᠰᠡᠷᠭᠡᠨ᠎ᠡ ᠪᠤᠶᠤ ᠵᠠᠯᠭᠢᠭᠤᠷ | ᠤᠨ ᠦᠷᠪᠢᠰᠤᠯ ᠲᠠᠢ ᠡᠪᠡᠳᠴᠢᠳᠡᠨ ᠯᠦᠭᠡ ᠬᠠᠷᠢᠯᠴᠠᠵᠤ ᠬᠠᠪᠢᠳᠠᠭᠰᠠᠨ ᠲᠡᠤᠬᠡ ᠲᠠᠢ ︵ᠡᠪᠡᠳᠴᠢᠨ ᠤ ᠨᠢᠭᠤᠭᠳᠠᠮᠠᠯ | ᠬᠤᠭᠤᠴᠠᠭ᠎ᠠ ᠨᠢ1 —7 ᠬᠤᠨᠤᠭ᠂ ᠭᠡᠪᠡᠴᠤ ᠤᠯᠠᠩᠭᠢ ᠳᠠᠭᠠᠨ2 —4 ᠬᠤᠨᠤᠭ ᠪᠠᠶᠢᠳᠠᠭ︶᠃ | 2᠂ ᠠᠩᠬᠠᠨ ᠤ ᠦᠶ᠎ᠡ ᠳᠡᠭᠡᠨ ᠬᠠᠯᠠᠭᠤᠷᠠᠵᠤ᠂ ᠵᠠᠯᠭᠢᠭᠤᠷ ᠨᠢ ᠦᠷᠪᠢᠰᠭᠦ ︵ᠵᠠᠯᠭᠢᠭᠤᠷ ᠨᠢ ᠡᠪᠡᠳᠭᠦ᠂ | ᠭᠦᠢᠯᠡᠰᠦᠨ ᠪᠤᠯᠴᠢᠷᠬᠠᠢ ᠨᠢ ᠬᠠᠪᠤᠳᠤᠭᠠᠳ ᠴᠢᠰᠤ ᠲᠦᠭᠦᠷᠭᠦ︶ ᠪᠠᠶᠢᠳᠠᠯ ᠲᠠᠢ᠃ ᠡᠪᠡᠳᠴᠢᠯᠡᠭᠡᠳ ᠲᠦᠴᠢᠨ ᠨᠠᠢᠮᠠᠨ | ᠴᠠᠭ ᠤᠨ ᠲᠤᠳᠤᠷ᠎ᠠ ᠭᠦᠵᠤᠭᠦᠤ ᠪᠠ ᠡᠪᠴᠢᠭᠦᠨ ᠠᠴᠠ ᠨᠢ ᠡᠭᠢᠯᠡᠭᠡᠳ ᠪᠡᠷᠵᠢᠭᠡᠷ ᠭᠠᠷᠴᠤ᠂ ᠠᠷᠠᠰᠤ ᠨᠢ ᠨᠡᠶᠢᠳᠡᠮ | ᠳᠡᠭᠡᠨ ᠤᠯᠠᠶᠢᠵᠤ ︵ᠬᠠᠶᠠ ᠴᠢᠰᠤ ᠭᠠᠷᠤᠨ᠎ᠠ︶ ᠤᠯᠠᠭᠠᠨ ᠪᠡᠷᠵᠢᠭᠡᠷ ᠭᠠᠷᠳᠠᠭ᠂ ᠡᠨᠡ ᠨᠢ ᠵᠠᠷᠢᠮ ᠳᠠᠭᠠᠨ ᠲᠠᠭᠢᠶᠠᠨ ᠤ | ᠠᠷᠠᠰᠤ ᠶᠢᠨ ᠮᠠᠶ᠋ᠢᠭ ᠲᠠᠢ ᠪᠠᠶᠢᠳᠠᠭ᠃ ᠵᠠᠭᠠᠳᠤᠨᠠᠬᠤ ᠪᠠᠶᠢᠳᠠᠯ ᠪᠠᠶᠢᠵᠤ ᠴᠦ ᠮᠡᠳᠡᠭᠦ ᠶᠤᠮ᠃ ᠬᠠᠴᠠᠷ ᠤᠯᠠᠶᠢᠬᠤ | ᠪᠤᠯᠪᠠᠴᠤ ᠪᠡᠷᠵᠢᠭᠡᠷ ᠭᠠᠷᠬᠤ ᠨᠢ ᠲᠤᠩ ᠴᠦᠭᠡᠨ᠂ ᠤᠷᠤᠭᠤᠯ ᠨᠢ ᠴᠠᠶᠢᠷᠠᠬᠤ ᠪᠦᠭᠡᠳ ᠬᠡᠯᠡᠨ ᠤ ᠦᠩᠭᠦᠷ ᠨᠢ ᠴᠢᠰ | ᠤᠯᠠᠭᠠᠨ ᠪᠤᠯᠵᠤ᠂ ᠬᠡᠯᠡᠨ ᠲᠡᠭᠡᠷᠡᠭᠢ ᠭᠦᠭᠦᠨᠴᠢᠷ ᠪᠤᠯᠴᠤᠷᠤᠤ ᠨᠤᠭᠤᠳ ᠨᠢ ᠲᠤᠪᠤᠶᠢᠳᠠᠭ ᠶᠤᠮ᠃ ᠠᠷᠢᠰᠤᠨ ᠤ | ᠠᠳᠤᠷᠢᠶᠠᠳᠤ ᠬᠡᠰᠡᠭ ︵ᠰᠤᠭᠤ᠂ ᠲᠤᠬᠠᠢ ᠶᠢᠨ ᠬᠤᠩᠬᠤᠷ᠂ ᠴᠠᠪᠢ ᠮᠡᠳᠤ︶ ᠲᠤᠨᠢ ᠪᠦᠳᠡᠭᠢ ᠤᠯᠠᠭᠠᠨ ᠥᠩᠭᠡ ᠲᠠᠢ | ᠱᠤᠭᠤᠮ ᠢᠯᠡᠷᠡᠨ᠎ᠡ᠃ | 3᠂ ᠪᠢᠷᠵᠢᠭᠡᠷ ᠭᠠᠷᠬᠤ ᠠᠴᠠ ᠡᠮᠤᠨ᠎ᠡ ᠡᠮ ᠬᠡᠷᠡᠭᠯᠡᠵᠤ ᠦᠩᠭᠡᠷᠡᠭᠰᠡᠨ ᠪᠣᠯ ᠡᠮ ᠤᠨ ᠤᠷᠪᠠᠯ ᠠᠴᠠ | ᠪᠤᠯᠤᠭᠰᠠᠨ ᠪᠢᠷᠵᠢᠭᠡᠷ ᠲᠠᠢ ᠢᠯᠭᠠᠨ ᠲᠤᠳᠤᠯᠠᠬᠤ ᠬᠡᠷᠡᠭᠳᠠᠢ᠃ | 4᠂ ᠭᠦᠨᠳᠤᠷᠡᠪᠡᠯ ᠬᠤᠤᠷᠠᠳᠠᠯ ᠤᠨ ᠴᠢᠨᠠᠷᠳᠠᠢ ᠰᠢᠤᠺᠧ ᠪᠤᠶᠤ ᠴᠢᠰᠤ ᠢᠳᠡᠭᠡᠯᠡᠵᠤ ᠨᠦᠵᠢᠷᠡᠭᠦ ᠦᠵᠡᠭᠳᠡᠯ | ᠭᠠᠷᠴᠤ ᠮᠡᠳᠡᠨ᠎ᠡ᠃ | ᠤᠷᠢᠳᠴᠢᠯᠠᠨ ᠰᠡᠷᠭᠡᠶᠢᠯᠡᠭᠦ᠄ | ᠡᠪᠡᠳᠴᠢᠳᠡᠨ ᠢ ᠲᠤᠶᠢᠯᠪᠤᠷᠢᠳᠠᠢ ᠡᠮᠨᠡᠭᠦ ᠶᠢᠨ ᠬᠠᠮᠳᠤ᠂ ᠵᠠᠯᠭᠢᠭᠤᠷ ᠤᠨ ᠦᠷᠪᠢᠰᠤᠯ ᠨᠢ ᠡᠳᠡᠭᠡᠷᠡᠭᠦ ᠪᠤᠯᠳᠠᠯ᠎ᠠ | ᠠᠮᠢᠰᠬᠤᠯ ᠤᠨ ᠵᠠᠮ ᠤᠨ ᠬᠠᠯᠳᠠᠪᠤᠷᠢᠯᠠᠯ ᠢ ᠴᠢᠩᠭ᠎ᠠ ᠰᠡᠷᠭᠡᠶᠢᠯᠡᠭᠦ ᠬᠡᠷᠡᠭᠲᠡᠢ ᠪᠦᠭᠡᠳ ᠪᠤᠰᠤᠳ ᠲᠤ ᠬᠠᠯᠳᠠᠪᠤᠷᠢᠯᠠᠬᠤ | ᠶᠢ ᠭᠢᠴᠢᠶᠡᠭᠦ ᠬᠡᠷᠡᠭᠳᠠᠢ᠃ ᠡᠪᠡᠳᠴᠢᠳᠡᠨ ᠲᠠᠢ ᠨᠢᠭᠳᠠ ᠬᠠᠪᠢᠳᠠᠭᠴᠢᠳ ᠢ ᠰᠠᠶᠢᠳᠤᠷ ᠠᠵᠢᠭᠯᠠᠵᠤ᠂ ᠬᠡᠷᠪᠡ ᠲᠡᠭᠦᠨ ᠳᠤ | ᠵᠠᠯᠭᠢᠭᠤᠷ ᠤᠨ ᠦᠷᠪᠢᠰᠤᠯ ᠲᠠᠢ ᠪᠤᠯᠪᠠᠯ ᠴᠠᠭ ᠲᠤᠬᠠᠢ ᠳᠤᠨᠢ ᠠᠷᠭ᠎ᠠ ᠬᠡᠮᠵᠢᠶ᠎ᠡ ᠠᠪᠬᠤ ᠬᠡᠷᠡᠭᠳᠠᠢ᠃ | ᠡᠮᠨᠡᠨ ᠵᠠᠰᠠᠬᠤ᠂ ᠠᠨᠠᠭᠠᠬᠤ ᠵᠠᠷᠴᠢᠮ᠄ ᠡᠭᠦᠨ ᠢ ᠨᠢᠶᠠᠨ ᠢ ᠨᠢᠳᠤᠯᠠᠵᠤ᠂ ᠴᠢᠰᠤ᠂ ᠰᠢᠷ᠎ᠠ ᠤᠰᠤᠨ ᠬᠠᠯᠠᠭᠤᠨ ᠢ | ᠠᠷᠢᠯᠭᠠᠬᠤ ᠵᠠᠷᠴᠢᠮ ᠢ ᠪᠠᠷᠢᠮᠳᠠᠯᠠᠨ ᠵᠠᠰᠠᠨ᠎ᠠ᠃ | 1᠂ ᠮᠤᠩᠭᠤᠯ ᠡᠮ᠄ | ︵1︶ ᠭᠤᠷᠪᠠᠨ ᠤᠯᠠᠭᠠᠨ ᠤ ᠲᠠᠩ ᠪᠤᠯᠤᠨ ᠭᠤᠷᠪᠠᠨ ᠦᠷ᠎ᠡ ᠶᠢᠨ ᠲᠠᠩ ᠢ ᠬᠠᠪᠰᠤᠷᠤᠭᠤᠯᠵᠤ᠂ ᠲᠡᠭᠡᠷ᠎ᠡ ᠨᠢ | ᠰᠧᠩᠳᠧᠩ᠂ ᠭᠦᠭᠦᠯ ᠢ ᠲᠤᠰ ᠪᠦᠷᠢ 3 —8 ᠹᠦᠨ ᠨᠡᠮᠡᠵᠤ᠂ ᠡᠳᠤᠷ ᠲᠤ 2 —3 ᠤᠳᠠᠭ᠎ᠠ ᠤᠤᠭᠤᠯᠭᠠᠨ᠎ᠠ᠃ | ᠡᠰᠡᠭᠦᠯ᠎ᠡ ᠮᠠᠷᠴᠢᠨ —13 ᠶᠢᠨ ᠲᠠᠩ ᠢ ᠤᠤᠭᠤᠯᠭᠠᠵᠤ ᠪᠤᠯᠤᠨ᠎ᠠ᠃ ᠤᠷᠤᠢ ᠳᠤᠨᠢ ᠪᠠᠭᠠᠳᠤᠷ —7 ᠶᠢ ᠲᠡᠭᠡᠷᠡᠭᠢ | ᠲᠠᠩ ᠢᠶᠠᠷ ᠲᠠᠷᠤᠭᠤᠯᠵᠤ ᠤᠤᠭᠤᠯᠭᠠᠨ᠎ᠠ᠃ | ︵2︶ ᠳ᠋ᠠᠮᠷᠢᠨᠮᠠᠷᠪᠤ ᠪᠤᠯᠤᠨ ᠲᠡᠭᠡᠷᠡᠭᠢ ᠲᠠᠩ ᠢ ᠡᠭᠡᠯᠵᠢᠯᠡᠭᠦᠯᠤᠨ ᠤᠤᠭᠤᠯᠭᠠᠨ᠎ᠠ᠃ | ︵3︶ ᠡᠪᠡᠳᠴᠢᠨ ᠤ ᠪᠠᠶᠢᠳᠠᠯ ᠳᠤ ᠲᠤᠭᠢᠷᠠᠭᠤᠯᠵᠤ ᠬᠤᠭᠤᠯᠠᠢ ᠡᠪᠡᠳᠪᠡᠯ ᠮᠤᠷᠢᠨ ᠰᠢᠷᠠᠯᠵᠢ ᠶᠢᠨ ᠭᠠᠭᠴᠠ | ᠲᠠᠩ ᠢ ᠤᠤᠭᠤᠯᠭᠠᠬᠤ ᠪᠤᠶᠤ ᠬᠤᠭᠤᠯᠠᠢ ᠶᠢ ᠨᠢ ᠵᠠᠶᠢᠯᠠᠭᠤᠯᠵᠤ ᠭᠠᠮᠵᠤᠷ ᠢ ᠬᠤᠭᠤᠯᠠᠢ ᠳᠤᠨᠢ ᠦᠯᠢᠶᠡᠨ᠎ᠡ᠃ ᠨᠢᠶᠡᠨ | ᠬᠠᠯᠠᠭᠤᠨ ᠲᠡᠶᠢᠯᠤᠩᠭᠦᠢ ᠪᠣᠯ ᠪᠠᠩᠽᠢ —12᠂ ᠰᠢᠷ᠎ᠠ ᠤᠰᠤ ᠲᠡᠶᠢᠯᠤᠩᠭᠦᠢ ᠪᠣᠯ ᠪᠤᠶᠢᠴᠦᠩ —15 ᠪᠤᠶᠤ ᠭᠠᠷᠤᠳᠢ | —5 ᠵᠡᠷᠭᠡ ᠡᠮ ᠤᠳ ᠢ ᠬᠡᠷᠡᠭᠯᠡᠵᠤ ᠪᠤᠯᠤᠨ᠎ᠠ᠃ | 2᠂ ᠭᠢᠳᠠᠳ ᠡᠮ᠄ | 1% ᠤᠨ ᠰᠢᠷ᠎ᠠ ᠦᠨᠳᠤᠰᠤᠨ ᠤ ᠰᠢᠭᠡᠷᠳᠤ ᠲᠠᠩ ᠢ 3 ᠴᠠᠭ ᠲᠤ ᠨᠢᠭᠡ ᠤᠳᠠᠭ᠎ᠠ ᠤᠤᠭᠤᠯᠭᠠᠨ᠎ᠠ᠃ 1 | —4 ᠨᠠᠰᠤᠳᠠᠢ ᠬᠡᠤᠬᠡᠳ ᠲᠤ ᠤᠳᠠᠭ᠎ᠠ ᠪᠦᠷᠢ1 ᠬᠠᠪᠠᠯᠭ᠎ᠠ᠂ 5 —10 ᠨᠠᠰᠤᠳᠠᠢ ᠬᠡᠤᠬᠡᠳ ᠲᠤ ᠤᠳᠠᠭ᠎ᠠ ᠪᠦᠷᠢ | 2 ᠬᠠᠪᠠᠯᠭ᠎ᠠ᠂ 11 ᠨᠠᠰᠤᠨ ᠠᠴᠠ ᠲᠡᠭᠡᠭᠰᠢ ᠨᠠᠰᠤᠨ ᠤ ᠬᠡᠤᠬᠡᠳ ᠲᠤ ᠤᠳᠠᠭ᠎ᠠ ᠪᠦᠷᠢ 3 —4 ᠬᠠᠪᠠᠯᠭ᠎ᠠ | ᠤᠤᠭᠤᠯᠭᠠᠨ᠎ᠠ᠃ | ︵1︶ ᠲᠦᠭᠦᠮ ᠠᠷᠭ᠎ᠠ᠄ ᠵᠠᠯᠭᠢᠭᠤᠷ ᠤᠨ ᠦᠷᠪᠢᠰᠤᠯ ᠳᠤ ᠪᠠᠭ᠎ᠠ ᠬᠡᠮᠵᠢᠶᠡᠨ ᠤ ᠢᠳᠡᠭᠡᠨ ᠤ ᠲᠠᠪᠤᠰᠤ ᠶᠢ | ᠤᠰᠤᠨ ᠳᠤ ᠠᠭᠤᠰᠬᠠᠵᠤ ᠵᠠᠯᠭᠢᠭᠤᠷ ᠢ ᠨᠢ ᠵᠠᠶᠢᠯᠠᠭᠤᠯᠤᠨ᠎ᠠ᠃ | ︵2︶ ᠬᠡᠷᠪᠡ ᠡᠪᠡᠳᠴᠢᠨ ᠤ ᠪᠠᠶᠢᠳᠠᠯ ᠨᠢ ᠭᠦᠨᠳᠤ ᠪᠦᠭᠡᠳ ᠪᠠᠰᠠ ᠭᠦᠵᠤᠭᠦᠨ ᠤ ᠵᠦᠭᠡᠯᠡᠨ ᠡᠳ᠋ | ︵ᠭᠦᠵᠤᠭᠦᠨ ᠤ ᠪᠤᠯᠴᠢᠩ︶ ᠤᠨ ᠦᠷᠪᠢᠰᠤᠯ ᠪᠠ ᠯᠢᠨᠪᠠ ᠶᠢᠨ ᠵᠠᠩᠭᠢᠯᠠᠭ᠎ᠠ ᠶᠢᠨ ᠦᠷᠪᠢᠰᠤᠯ ᠬᠠᠪᠰᠤᠷᠤᠭᠰᠠᠨ ᠪᠣᠯ | ᠦᠷᠪᠢᠰᠤᠯ ᠢ ᠲᠠᠷᠤᠬᠤ ᠡᠮ ᠢ ᠬᠡᠷᠡᠭᠯᠡᠭᠦ ᠪᠠᠷ ᠪᠠᠷᠠᠬᠤ ᠦᠭᠡᠢ ᠡᠪᠡᠳᠴᠢᠯᠡᠭᠰᠡᠨ ᠭᠠᠵᠠᠷ ᠲᠤᠨᠢ ᠬᠠᠯᠠᠭᠤᠨ ᠵᠢᠩ | ᠲᠠᠯᠪᠢᠬᠤ ᠬᠡᠷᠡᠭᠳᠠᠢ᠃ ᠬᠡᠷᠪᠡ ᠢᠳᠡᠭᠡᠯᠡᠭᠰᠡᠨ ᠪᠠᠶᠢᠪᠠᠯ ᠲᠡᠭᠦᠨ ᠢ ᠬᠠᠭᠠᠯᠵᠤ ᠢᠳᠡᠭᠡ ᠶᠢ ᠨᠢ ᠭᠠᠷᠭᠠᠬᠤ ᠬᠡᠷᠡᠭᠳᠠᠢ᠃ |