ᠨᠢᠭᠤᠷ ᠤᠨ ᠰᠠ ᠡᠪᠡᠳᠴᠢᠨ
ᠨᠡᠶᠢᠲᠡᠯᠡᠭᠰᠡᠨ ᠴᠠᠭ᠄
2024/6/4
     ᠨᠢᠭᠤᠷ ᠤᠨ ᠰᠠ᠄      ᠨᠢᠭᠤᠷ ᠤᠨ ᠬᠡᠰᠡᠭ ᠲᠠᠬᠢ ᠴᠠᠭᠠᠨ ᠰᠤᠳᠠᠯ ᠨᠢ ᠭᠡᠮᠳᠤᠭᠡᠳ᠂ ᠨᠢᠭᠤᠷ ᠠᠮᠠ ᠨᠢᠭᠡ ᠳᠡᠰᠢ ᠪᠠᠨ ᠮᠤᠷᠤᠶᠢᠬᠤ ᠤᠨᠴᠠᠯᠢᠭ ᠰᠢᠨᠵᠢ ᠪᠦᠬᠦᠢ ᠡᠪᠡᠳᠴᠢᠨ ᠪᠤᠯᠤᠨ᠎ᠠ᠃ ᠡᠭᠦᠨ ᠢ ᠪᠠᠰᠠ ︽ᠬᠡᠢ ᠶᠢᠨ ᠰᠠ ᠡᠪᠡᠳᠴᠢᠨ︾ ᠭᠡᠬᠦ ᠪᠤᠶᠤ ︽ᠠᠮᠠ ᠮᠤᠷᠤᠶᠢᠬᠤ ᠡᠪᠡᠳᠴᠢᠨ︾ ᠭᠡᠳᠡᠭ᠃ ᠳᠤᠰ ᠡᠪᠡᠳᠴᠢᠨ ᠨᠢ ᠦᠳᠡᠯᠦᠭᠰᠡᠳ᠂ ᠵᠠᠯᠠᠭᠤ᠂ ᠨᠢᠯᠬᠠᠰ ᠡᠯ᠎ᠡ ᠨᠠᠰᠤᠨ ᠤ ᠬᠦᠮᠥᠨ ᠳᠤ ᠪᠦᠷ ᠳᠤᠬᠢᠶᠠᠯᠳᠤᠨ᠎ᠠ᠃ ᠴᠠᠭ ᠤᠯᠠᠷᠢᠯ ᠢᠯᠭᠠᠯ ᠦᠭᠡᠢ ᠬᠦᠳᠡᠯᠳᠡᠭ᠃ ᠤᠳᠤ ᠦᠶ᠎ᠡ ᠶᠢᠨ ᠠᠨᠠᠭᠠᠬᠤ ᠤᠬᠠᠭᠠᠨ ᠤ ︽ᠨᠢᠭᠤᠷ ᠤᠨ ᠮᠢᠨᠴᠤᠭᠦᠷᠠᠯ︾ ᠲᠠᠢ ᠲᠦᠰᠦᠭᠡᠳᠡᠢ᠃      ᠨᠢᠭᠤᠷ ᠤᠨ ᠰᠠ ᠡᠪᠡᠳᠴᠢᠨ ᠤᠯᠠᠩᠬᠢ ᠳᠠᠭᠠᠨ ᠰᠦᠨᠢ ᠬᠦᠳᠡᠯᠵᠤ᠂ ᠦᠷᠯᠦᠭᠡ ᠰᠡᠷᠡᠬᠦ ᠦᠶ᠎ᠡ ᠳᠤ ᠨᠢᠳᠤ ᠠᠮᠠ ᠨᠢ ᠮᠤᠷᠤᠶᠢᠭᠰᠠᠨ ᠪᠦᠭᠡᠳ ᠨᠢᠳᠤ ᠪᠠᠨ ᠠᠨᠢᠵᠤ ᠴᠢᠳᠠᠬᠤ ᠦᠭᠡᠢ ᠪᠤᠯᠵᠤ ᠨᠢᠯᠪᠤᠰᠤ ᠭᠤᠭᠤᠵᠢᠬᠤ᠂ ᠤᠷᠤᠭᠤᠯ  ᠨᠢ ᠵᠦᠷᠢᠵᠤ ᠨᠢᠭᠡ ᠳᠡᠰᠢ ᠪᠠᠨ ᠮᠤᠷᠤᠶᠢᠬᠤ ︵ᠡᠷᠡᠭᠦᠯ ᠲᠠᠯ᠎ᠠ ᠳᠡᠰᠢ ᠪᠠᠨ ᠮᠤᠷᠤᠶᠢᠨ᠎ᠠ︶᠂ ᠰᠢᠯᠤᠰᠤ ᠭᠤᠭᠤᠵᠢᠬᠤ᠂ ᠦᠭᠡ ᠬᠡᠯᠡᠬᠦ ᠳᠤ ᠳᠤᠳᠤ ᠦᠭᠡᠢ᠂ ᠡᠪᠡᠳᠴᠢᠳᠡᠨ ᠤ ᠨᠢᠭᠤᠷ ᠤᠨ ᠬᠡᠰᠡᠭ ᠤᠨ ᠪᠤᠯᠴᠢᠩ ᠮᠢᠬ᠎ᠠ ᠨᠢ ᠳᠠᠮᠪᠠᠭᠠᠷᠠᠵᠤ ᠰᠤᠯᠠᠷᠠᠭᠰᠠᠨ ᠠᠴᠠ ᠨᠢᠭᠤᠷ ᠤᠨ ᠠᠳᠤᠷᠢᠶ᠎ᠠ ᠠᠷᠢᠯᠵᠤ᠂ ᠮᠠᠩᠨᠠᠢ ᠶᠢᠨ ᠬᠡᠰᠡᠭ ᠤᠨ ᠠᠳᠤᠷᠢᠶ᠎ᠠ ᠦᠭᠡᠢ ᠪᠤᠯᠵᠤ᠂ ᠬᠠᠮᠠᠷ  ᠤᠨ ᠬᠠᠵᠠᠭᠤᠳᠠᠬᠢ ᠭᠤᠤ ᠦᠭᠡᠢ ᠪᠤᠯᠵᠤ᠂ ᠢᠳᠡᠭᠡᠨ ᠢᠳᠡᠬᠦ ᠳᠤ ᠠᠮᠠᠨ ᠳᠤ ᠪᠤᠳᠠᠭ᠎ᠠ ᠦᠯᠡᠳᠡᠵᠤ ᠬᠤᠴᠤᠷᠬᠤ᠂ ᠡᠪᠡᠳᠴᠢᠯᠡᠭᠰᠡᠨ ᠲᠠᠯ᠎ᠠ ᠶᠢᠨ ᠨᠢᠭᠤᠷ ᠤᠨ ᠬᠡᠰᠡᠭ ᠵᠠᠷᠢᠮ ᠨᠢ ᠬᠦᠭᠡᠷᠡᠵᠤ ᠬᠠᠪᠤᠳᠤᠭᠰᠠᠨ ᠪᠠᠶᠢᠳᠠᠭ᠃      ᠤᠨᠤᠰᠢᠯᠠᠭ᠎ᠠ ᠶᠢᠨ ᠭᠤᠤᠯᠳᠠᠯᠭ᠎ᠠ᠄      ᠨᠢᠭᠤᠷ ᠤᠨ ᠰᠠ ᠡᠪᠡᠳᠴᠢᠨ ᠪᠤᠯ ᠡᠪᠡᠳᠴᠢᠯᠡᠬᠦ ᠨᠢ ᠲᠦᠷᠭᠡᠨ᠂ ᠭᠡᠨᠡᠳᠳᠡ ᠪᠠᠷ ᠨᠢᠭᠤᠷ ᠤᠨ ᠬᠡᠰᠡᠭ ᠤᠨ ᠪᠤᠯᠴᠢᠩ ᠮᠢᠬ᠎ᠠ ᠮᠢᠨᠴᠤᠭᠦᠷᠡᠨ ᠳᠠᠮᠪᠠᠭᠠᠷᠠᠵᠤ᠂ ᠡᠪᠡᠳᠴᠢᠯᠡᠭᠰᠡᠨ ᠲᠠᠯ᠎ᠠ ᠶᠢᠨ ᠮᠠᠩᠨᠠᠢ ᠶᠢᠨ ᠠᠳᠤᠷᠢᠶ᠎ᠠ ᠠᠷᠢᠯᠬᠤ᠂ ᠨᠢᠳᠤ  ᠨᠢ ᠠᠨᠢᠵᠤ ᠳᠡᠶᠢᠯᠬᠦ ᠦᠭᠡᠢ᠂ ᠨᠢᠳᠤᠨ ᠠᠴᠠ ᠨᠢᠯᠪᠤᠰᠤ ᠭᠤᠭᠤᠵᠢᠬᠤ᠂ ᠬᠠᠮᠠᠷ ᠤᠷᠤᠭᠤᠯ ᠤᠨ ᠬᠠᠵᠠᠭᠤᠳᠠᠬᠢ ᠭᠤᠤ  ᠶᠢᠨ ᠠᠳᠤᠷᠢᠶ᠎ᠠ ᠠᠷᠢᠯᠬᠤ ᠪᠤᠶᠤ ᠭᠦᠢᠬᠡᠨ ᠪᠤᠯᠬᠤ᠂ ᠤᠷᠤᠭᠤᠯ ᠠᠮᠠ ᠨᠢ ᠡᠷᠡᠭᠦᠯ ᠳᠡᠰᠢ ᠮᠤᠷᠤᠶᠢᠬᠤ᠂ ᠤᠨᠳᠠᠭᠰᠠᠨ ᠤ ᠰᠡᠭᠦᠯᠡᠷ ᠨᠢᠳᠤᠨ ᠠᠴᠠ ᠨᠢᠯᠪᠤᠰᠤ ᠭᠤᠭᠤᠵᠢᠬᠤ ᠪᠤᠶᠤ ᠨᠢᠳᠤ ᠨᠢ ᠤᠯᠠᠶᠢᠬᠤ᠂ ᠠᠮᠠ ᠪᠠᠨ ᠬᠠᠮᠬᠢᠨ ᠬᠡᠢ ᠦᠯᠢᠶᠡᠬᠦ  ᠳᠤ ᠬᠡᠢ ᠭᠠᠷᠤᠨ᠎ᠠ᠃ ᠵᠠᠷᠢᠮ ᠡᠪᠡᠳᠴᠢᠳᠡᠨ ᠨᠢ ᠡᠪᠡᠳᠴᠢᠯᠡᠭᠰᠡᠨ ᠤ ᠡᠬᠢᠨ ᠤ ᠦᠶ᠎ᠡ ᠳᠤ ᠴᠢᠬᠢ ᠶᠢᠨ ᠠᠷᠤ ᠪᠤᠯᠤᠨ ᠴᠢᠬᠢ ᠶᠢᠨ ᠳᠤᠤᠷ᠎ᠠ ᠬᠡᠰᠡᠭ ᠲᠤ ᠴᠢᠨᠠᠭᠰᠢᠯᠡᠪᠡᠯ ᠲᠠᠯ᠎ᠠ ᠳᠤᠯᠤᠭᠠᠢ ᠡᠪᠡᠳᠴᠤ᠂ ᠪᠠᠰᠠ ᠵᠠᠷᠢᠮ ᠤᠨ ᠬᠢᠨᠢ ᠡᠪᠡᠳᠴᠢᠯᠡᠭᠰᠡᠨ ᠲᠠᠯ᠎ᠠ ᠶᠢᠨ ᠬᠡᠯᠡᠨ ᠤ ᠡᠮᠤᠨ᠎ᠡ ᠭᠤᠷᠪᠠᠨ ᠤ ᠬᠤᠶᠠᠷ ᠬᠡᠰᠡᠭ ᠤᠨ ᠮᠡᠳᠡᠷᠡᠯ ᠨᠢ ᠮᠠᠭᠤᠳᠠᠬᠤ ᠪᠤᠶᠤ ᠦᠭᠡᠢ ᠪᠤᠯᠬᠤ᠂ ᠬᠡᠯᠡᠨ ᠤ ᠡᠪᠡᠳᠴᠢᠯᠡᠭᠰᠡᠨ ᠲᠡᠯ᠎ᠡ ᠨᠢ ᠮᠢᠨᠴᠦᠭᠦᠷᠡᠬᠦ  ᠪᠤᠶᠤ ᠮᠡᠳᠡᠭᠡ ᠦᠭᠡᠢ ᠪᠤᠯᠬᠤ᠂ ᠪᠤᠳᠠᠭ᠎ᠠ ᠢᠳᠡᠭᠰᠡᠨ ᠤ ᠰᠡᠭᠦᠯᠡᠷ ᠵᠠᠪᠠᠵᠢᠨ ᠳᠤᠳᠤᠷ᠎ᠠ ᠨᠢ ᠪᠤᠳᠠᠭ᠎ᠠ ᠦᠯᠡᠳᠡᠵᠤ ᠬᠤᠴᠤᠷᠤᠨ᠎ᠠ᠃ ᠡᠪᠡᠳᠴᠢᠨ ᠨᠢ ᠨᠢᠭᠡ ᠭᠠᠷᠠᠭ ᠳᠤᠳᠤᠷ᠎ᠠ ᠦᠷᠬᠦᠯᠵᠢᠯᠡᠨ ᠬᠦᠨᠳᠤᠷᠡᠨ᠎ᠡ᠃      ᠪᠡᠶ᠎ᠡ ᠶᠢᠨ ᠪᠠᠶᠢᠴᠠᠭᠠᠯᠳᠠ᠄      ᠡᠪᠡᠳᠴᠢᠳᠡᠨ ᠢ ᠳᠡᠭᠰᠢ ᠰᠠᠭᠤᠯᠭᠠᠵᠤ᠂ ᠮᠠᠩᠨᠠᠢ ᠶᠢ ᠨᠢ ᠳᠡᠨᠢᠢᠯᠭᠡᠵᠤ ᠦᠵᠡᠬᠦ ᠳᠤ ᠡᠪᠡᠳᠴᠢᠯᠡᠭᠰᠡᠨ ᠲᠠᠯ᠎ᠠ ᠨᠢ ᠠᠳᠤᠷᠢᠶ᠎ᠠ ᠦᠭᠡᠢ ᠪᠤᠯᠬᠤ᠂ ᠳᠡᠭᠰᠢ ᠳᠡᠨᠢᠢᠵᠤ ᠳᠡᠶᠢᠯᠬᠦ ᠦᠭᠡᠢ᠂ ᠨᠢᠳᠤ ᠶᠢ ᠨᠢ ᠠᠨᠢᠭᠤᠯᠬᠤ ᠳᠤ ᠡᠪᠡᠳᠴᠢᠯᠡᠭᠰᠡᠨ ᠲᠠᠯ᠎ᠠ ᠶᠢᠨ ᠨᠢᠳᠤ ᠪᠠᠨ ᠠᠨᠢᠵᠤ ᠳᠡᠶᠢᠯᠬᠦ ᠦᠭᠡᠢ᠂ ᠬᠠᠮᠠᠷ ᠢ ᠨᠢ ᠳᠡᠭᠡᠭᠰᠢ  ᠳᠡᠨᠢᠢᠯᠭᠡᠵᠤ ᠦᠵᠡᠬᠦ ᠳᠤ ᠡᠪᠡᠳᠴᠢᠯᠡᠭᠰᠡᠨ ᠲᠠᠯ᠎ᠠ ᠶᠢᠨ ᠬᠠᠮᠠᠷ ᠨᠢ ᠳᠡᠨᠢᠢᠵᠤ ᠳᠡᠶᠢᠯᠬᠦ ᠦᠭᠡᠢ᠂ ᠰᠢᠳᠤ ᠪᠠᠨ ᠳᠡᠭᠰᠢᠬᠡᠨ ᠵᠢᠭᠤᠵᠤ ᠢᠷᠵᠠᠶᠢᠬᠤ ᠳᠤ ᠤᠷᠤᠭᠤᠯ ᠮᠤᠷᠤᠶᠢᠭᠰᠠᠨ ᠨᠢ ᠳᠤᠳᠤᠷᠬᠠᠢ ᠮᠡᠳᠡᠭᠳᠡᠨ᠎ᠡ᠃ ᠠᠮᠠ ᠪᠠᠨ ᠬᠠᠮᠬᠢᠨ ᠬᠡᠢ ᠦᠯᠢᠶᠡᠬᠦ ᠳᠤ ᠡᠪᠡᠳᠴᠢᠯᠡᠭᠰᠡᠨ ᠲᠠᠯ᠎ᠠ ᠪᠠᠷ  ᠬᠢ ᠦᠯᠢᠶᠡᠭᠳᠡᠨ ᠭᠠᠷᠤᠨ᠎ᠠ᠂ ᠵᠡᠬᠦᠦ ᠪᠠᠷ ᠬᠠᠳᠬᠤᠵᠤ ᠦᠵᠡᠬᠦ ᠳᠤ ᠡᠪᠡᠳᠴᠢᠯᠡᠭᠰᠡᠨ ᠲᠠᠯ᠎ᠠ ᠶᠢᠨ ᠡᠪᠡᠳᠬᠦ ᠮᠡᠳᠡᠷᠡᠯ ᠰᠤᠷᠭᠤᠭ ᠦᠭᠡᠢ ᠪᠤᠯᠬᠤ᠂ ᠡᠪᠡᠳᠴᠢᠯᠡᠭᠰᠡᠨ ᠳᠠᠷᠤᠢ ᠳᠤ ᠴᠢᠬᠢ ᠶᠢᠨ ᠠᠷᠤ ᠪᠤᠶᠤ ᠳᠤᠤᠷ᠎ᠠ ᠬᠡᠰᠡᠭ ᠲᠤ ᠳᠠᠷᠤᠵᠤ ᠦᠵᠡᠬᠦ ᠳᠤ ᠬᠦᠨᠳᠡᠭᠦᠷ ᠲᠠᠢ᠃      ᠡᠮᠴᠢᠯᠡᠭᠡ᠄      ⒈ᠵᠠᠰᠠᠬᠤ ᠵᠠᠷᠴᠢᠮ᠄ ᠪᠠᠳᠭᠠᠨ ᠬᠡᠢ ᠶᠢ ᠠᠷᠢᠯᠭᠠᠨ᠂ ᠨᠢᠶᠠᠨ ᠢ ᠨᠢᠳᠤᠯᠤᠨ᠂ ᠴᠠᠭᠠᠨ ᠰᠤᠳᠠᠯ ᠤᠨ ᠨᠡᠪᠳᠡᠷᠡᠯᠳᠠ  ᠶᠢ ᠠᠬᠢᠭᠤᠯᠵᠤ᠂ ᠬᠡᠢ ᠴᠢᠰᠤᠨ ᠤ ᠭᠦᠶᠦᠳᠡᠯ ᠢ ᠰᠠᠶᠢᠵᠢᠷᠠᠭᠤᠯᠤᠨ᠂ ᠮᠠᠬᠠᠪᠤᠳ ᠢ ᠳᠡᠭᠰᠢᠳᠭᠡᠵᠤ᠂ ᠪᠤᠳᠠᠳᠠᠢ ᠪᠠᠶᠢᠳᠠᠯ  ᠲᠠᠢ ᠨᠢ ᠤᠶᠠᠯᠳᠤᠭᠤᠯᠤᠨ ᠵᠠᠰᠠᠨ᠎ᠠ᠃      ⒉ᠵᠠᠰᠠᠯ᠄ ᠬᠠᠳᠬᠤᠬᠤ ᠵᠠᠰᠠᠯ᠄ ᠬᠥᠮᠦᠰᠭᠡᠨ ᠪᠡᠯᠴᠢᠷ᠂ ᠰᠢᠨᠠ ᠶᠢᠨ ᠪᠡᠯᠴᠢᠷ᠂ ᠬᠠᠴᠠᠷ ᠤᠨ ᠪᠡᠯᠴᠢᠷ᠂ ᠴᠢᠬᠢᠨ ᠤ ᠡᠮᠤᠨ᠎ᠡ᠂ ᠠᠷᠣ ᠵᠤᠨᠰᠢᠩ ᠪᠡᠯᠴᠢᠷ᠂ ᠲᠦᠭᠦᠰᠢᠨ ᠪᠡᠯᠴᠢᠷ᠂ ᠵᠠᠪᠠᠵᠢ ᠶᠢᠨ ᠬᠠᠵᠠᠭᠤ ᠪᠡᠯᠴᠢᠷ᠂ ᠡᠷᠡᠬᠡᠢ ᠳᠤᠯᠤᠪᠤᠷ ᠤᠨ ᠵᠠᠪᠰᠠᠷ ᠪᠡᠯᠴᠢᠷ ᠲᠤ ᠳᠠᠩ ᠬᠠᠳᠬᠤᠭᠤᠷ ᠵᠠᠰᠠᠯ ᠬᠢᠬᠦ ᠪᠤᠶᠤ ᠴᠠᠬᠢᠯᠭᠠᠨ ᠵᠡᠭᠦᠦ ᠵᠠᠰᠠᠯ ᠢ 20 ᠠᠴᠠ 25 ᠮᠢᠨᠥ᠋ᠲ ᠬᠢᠨ᠎ᠡ᠃      ᠲᠦᠭᠡᠨᠡᠬᠦ ᠵᠠᠰᠠᠯ᠄ ᠶᠡᠷᠤ ᠶᠢᠨ ᠪᠠᠶᠢᠳᠠᠯ ᠳᠤ ᠬᠠᠳᠬᠤᠬᠤ ᠵᠠᠰᠠᠯ ᠬᠢᠬᠦ   ᠶᠢᠨ ᠬᠠᠮᠳᠤ ᠬᠠᠴᠠᠷ ᠤᠨ ᠪᠡᠯᠴᠢᠷ᠂ ᠴᠢᠬᠢᠨ ᠤ ᠡᠮᠤᠨ᠎ᠡ᠂ ᠠᠷᠤ ᠵᠤᠨᠰᠢᠩ ᠪᠡᠯᠴᠢᠷ ᠲᠤ ᠲᠦᠭᠡᠨᠡᠬᠦ ᠵᠠᠰᠠᠯ ᠬᠠᠪᠰᠤᠷᠭᠠᠨ᠎ᠠ᠃      ᠢᠯᠢᠵᠤ ᠨᠤᠬᠤᠯᠠᠬᠤ ᠵᠠᠰᠠᠯ᠄ ᠡᠪᠡᠳᠴᠢᠳᠡᠨ ᠤ ᠡᠪᠡᠳᠴᠢᠯᠡᠭᠰᠡᠨ ᠲᠠᠯ᠎ᠠ ᠶᠢᠨ ᠬᠠᠴᠠᠷ ᠤᠨ ᠬᠡᠰᠡᠭ ᠲᠤ ᠬᠠᠷ᠎ᠠ ᠠᠷᠢᠬᠢ ᠦᠯᠢᠶᠡᠨ᠂ ᠠᠯᠠᠭ᠎ᠠ ᠪᠠᠷ ᠢᠶᠠᠨ  ᠪᠠᠷᠤᠭ ᠬᠤᠶᠠᠷ ᠮᠢᠨᠥ᠋ᠲ ᠢᠯᠢᠬᠦ ᠪᠤᠶᠤ ᠨᠤᠬᠤᠯᠠᠵᠤ᠂ ᠳᠠᠷᠠᠭ᠎ᠠ ᠨᠢ ᠠᠳᠬᠤᠬᠤ᠂ ᠴᠢᠮᠬᠢᠬᠦ ᠭᠠᠷ ᠳᠡᠮ ᠢ ᠬᠠᠪᠰᠤᠷᠤᠭᠤᠯᠤᠨ ᠬᠤᠶᠠᠷ ᠠᠴᠠ ᠲᠦᠷᠪᠡᠨ ᠮᠢᠨᠥ᠋ᠲ ᠢᠯᠢᠵᠤ ᠨᠤᠬᠤᠯᠠᠨ᠎ᠠ᠃ ᠬᠤᠶᠠᠷ ᠬᠥᠮᠦᠰᠭᠡᠨ ᠤ ᠬᠤᠭᠤᠷᠤᠨᠳᠤᠬᠢ ᠭᠤᠤᠯ ᠴᠡᠭ ᠠᠴᠠ ᠡᠪᠡᠳᠴᠢᠯᠡᠭᠰᠡᠨ ᠲᠠᠯ᠎ᠠ ᠶᠢᠨ ᠬᠥᠮᠦᠰᠭᠡᠨ ᠤ ᠳᠡᠭᠡᠭᠦᠷ ᠬᠥᠮᠦᠰᠭᠡᠨ ᠤ ᠭᠠᠳᠠᠷ ᠦᠨᠴᠦᠭ ᠬᠦᠷᠳᠡᠯ᠎ᠡ᠂ ᠨᠢᠳᠤᠨ ᠤ ᠳᠤᠳᠤᠷ ᠪᠤᠯᠴᠢᠩ ᠠᠴᠠ ᠨᠢᠳᠤᠨ ᠤᠬᠤᠷᠬᠠᠢ ᠶᠢᠨ ᠳᠤᠤᠷ᠎ᠠ ᠢᠷᠮᠡᠭ ᠢ ᠳᠠᠭᠠᠭᠤᠯᠵᠤ ᠨᠢᠳᠤᠨ ᠤ ᠭᠠᠳᠠᠷ ᠵᠤᠪᠬᠢ ᠬᠦᠷᠳᠡᠯ᠎ᠡ ᠳᠤᠰᠪᠤᠷᠢ ᠳᠠᠪᠤ ᠠᠴᠠ ᠳᠤᠯᠤᠭᠠᠨ ᠤᠳᠠᠭ᠎ᠠ ᠡᠷᠡᠬᠡᠢ ᠬᠤᠷᠤᠭᠤ ᠪᠠᠷ ᠲᠦᠯᠬᠢᠬᠦ ᠪᠦᠭᠡᠳ ᠤᠷᠤᠭᠤᠯ ᠤᠨ ᠳᠡᠭᠡᠷ᠎ᠡ ᠪᠠ ᠳᠤᠤᠭᠤᠷ ᠨᠢ ᠡᠪᠡᠳᠴᠢᠯᠡᠭᠰᠡᠨ ᠲᠠᠯ᠎ᠠ ᠶᠢᠨ ᠨᠢᠳᠤᠨ  ᠤ ᠠᠷᠤ ᠦᠪᠤᠷ ᠬᠦᠷᠳᠡᠯ᠎ᠡ ᠭᠦᠳᠦᠭᠦᠷ ᠬᠦᠷᠳᠡᠯ᠎ᠡ ᠳᠠᠪᠤ ᠠᠴᠠ ᠳᠤᠯᠤᠭᠠᠨ ᠤᠳᠠᠭ᠎ᠠ ᠡᠷᠡᠬᠡᠢ ᠬᠤᠷᠤᠭᠤ ᠪᠤᠶᠤ ᠠᠯᠠᠭ᠎ᠠ ᠪᠠᠷ ᠲᠦᠯᠬᠢᠵᠤ᠂ ᠡᠪᠡᠳᠴᠢᠯᠡᠭᠰᠡᠨ ᠲᠠᠯ᠎ᠠ ᠶᠢᠨ ᠬᠥᠮᠦᠰᠭᠡᠨ ᠤ ᠭᠤᠤᠯ ᠴᠡᠭ᠂ ᠨᠢᠳᠤᠨ ᠤ ᠭᠠᠳᠠᠷ ᠵᠤᠪᠬᠢᠨ ᠤ ᠭᠠᠳᠠᠷ ᠳᠡᠭᠡᠷ᠎ᠡ ᠬᠡᠰᠡᠭ ᠠᠴᠠ ᠬᠤᠳᠤᠭᠤᠷ᠂ ᠠᠮᠠ ᠬᠠᠮᠬᠢᠪᠡᠯ ᠬᠤᠳᠤᠶᠢᠵᠤ ᠠᠩᠭᠠᠶᠢᠪᠠᠯ ᠭᠦᠳᠦᠶᠢᠬᠦ ᠴᠡᠭ᠂ ᠴᠢᠮᠠᠷᠬᠠᠢ  ᠶᠢᠨ ᠬᠤᠩᠬᠤᠷ ᠵᠡᠷᠭᠡ ᠤᠷᠤᠨ ᠪᠡᠯᠴᠢᠷ ᠲᠤ ᠬᠤᠷᠤᠭᠤ ᠪᠠᠷ ᠳᠠᠷᠤᠬᠤ᠂ ᠳᠤᠯᠬᠤ ᠮᠡᠳᠤ ᠶᠢᠨ ᠭᠠᠷ ᠳᠡᠮ ᠢᠶᠠᠷ ᠰᠡᠳᠤᠯᠳᠡ ᠦᠭᠴᠤ ᠬᠠᠮᠤᠭ ᠰᠡᠭᠦᠯ ᠳᠤᠨᠢ ᠪᠦᠬᠦ ᠬᠠᠴᠠᠷ ᠢ ᠨᠢ ᠠᠯᠠᠭ᠎ᠠ ᠪᠠᠷ ᠵᠦᠭᠡᠯᠡᠪᠳᠤᠷ ᠢᠯᠡᠬᠦ ᠪᠤᠶᠤ ᠨᠤᠬᠤᠯᠠᠨ᠎ᠠ᠃ ᠡᠳᠤᠷ ᠲᠤ ᠨᠢᠭᠡ ᠤᠳᠠᠭ᠎ᠠ ᠵᠠᠰᠠᠯ ᠬᠢᠨ᠎ᠡ᠃ ᠪᠠᠷᠤᠭ ᠨᠢᠭᠡ ᠭᠠᠷᠤᠭ ᠲᠤ ᠢᠯᠡᠳᠳᠡ ᠰᠠᠶᠢᠵᠢᠷᠠᠵᠤ᠂ ᠬᠤᠶᠠᠷ ᠭᠠᠷᠠᠭ ᠲᠤ ᠦᠨᠳᠤᠰᠤᠨ ᠳᠡᠭᠡᠨ ᠡᠳᠡᠭᠡᠷᠡᠨ᠎ᠡ᠃ ᠨᠢᠭᠤᠷ ᠤᠨ ᠬᠡᠰᠡᠭ ᠤᠨ ᠬᠠᠮᠢᠶ᠎ᠠ ᠪᠦᠬᠦᠢ ᠪᠡᠯᠴᠢᠷ ᠲᠤ ᠵᠤᠬᠢᠰᠲᠠᠢ ᠪᠦᠯᠢᠶᠡᠨ ᠵᠢᠩ  ᠳᠠᠯᠪᠢᠨ᠎ᠠ᠃      ⒊ᠬᠠᠪᠰᠤᠷᠤᠭᠤᠯᠤᠨ ᠬᠡᠷᠡᠭᠯᠡᠬᠦ ᠡᠮ᠄ ᠨᠢᠶᠠᠨ ᠬᠢᠵᠢᠭ ᠤᠨ ᠬᠤᠤᠷ ᠢᠶᠠᠷ ᠡᠪᠡᠳᠴᠢᠯᠡᠭᠰᠡᠨ ᠪᠤᠯ ᠨᠢᠶᠠᠨ ᠶᠢᠨ ᠨᠢᠳᠤᠯᠬᠤ ᠡᠮ ᠨᠠᠶᠢᠷᠠᠯᠭ᠎ᠠ ᠠᠴᠠ ᠬᠠᠪᠰᠤᠷᠤᠭᠤᠯᠤᠨ᠎ᠠ᠃ ᠦᠷᠯᠦᠭᠡ ᠡᠷᠳᠡᠨᠢ ᠦᠷᠡᠯ ᠢ 15 ᠦᠷᠢᠯ᠂ ᠦᠳᠡ ᠳᠤ ᠰᠢᠩᠭᠡᠭᠡᠭᠴᠢ ᠮᠠᠨᠳᠤᠯ 17 ᠦᠷᠢᠯ᠂ ᠤᠷᠤᠢ ᠨᠢ ᠬᠦᠬᠡ ᠭᠠᠷᠤᠳᠠᠢ— 9 ᠪᠤᠶᠤ᠂ ᠪᠠᠭᠠᠳᠤᠷ—7 ᠶᠢ 7 ᠠᠴᠠ 9 ᠦᠷᠢᠯ ᠦᠭᠴᠦ ᠪᠤᠯᠤᠨ᠎ᠠ᠃ ᠰᠠᠯᠬᠢᠨ ᠳᠤ ᠦᠯᠢᠶᠡᠭᠳᠡᠨ ᠤᠯᠤᠭᠰᠠᠨ ᠪᠤᠯ ᠦᠷᠯᠦᠭᠡ ᠡᠷᠳᠡᠨᠢ ᠦᠷᠢᠯ 15ᠦᠷᠢᠯ᠂ ᠦᠳᠡ ᠳᠤ ᠰᠢᠩᠭᠡᠭᠡᠭᠴᠢ ᠮᠠᠨᠳᠤᠯ 17 ᠦᠷᠢᠯ᠂ ᠤᠷᠤᠢ ᠨᠢ ᠠᠭᠠᠷᠤ—17 ᠪᠤᠶᠤ ᠠᠭᠠᠷᠤ—8 ᠮᠡᠳᠤ ᠶᠢᠨ ᠡᠮ ᠠᠴᠠ ᠰᠤᠩᠭᠤᠨ ᠬᠡᠷᠡᠭᠯᠡᠨ᠎ᠡ᠃      ⒋ ᠰᠤᠪᠢᠯᠠᠯᠳᠠ᠄ ᠰᠠᠯᠬᠢᠨ ᠵᠢᠪᠡᠷ ᠲᠤ ᠴᠤᠬᠢᠭᠳᠠᠵᠤ᠂ ᠳᠠᠭᠠᠷᠠᠵᠤ ᠵᠢᠩᠬᠢᠨᠡᠬᠦ ᠠᠴᠠ ᠰᠠᠶᠢᠳᠤᠷ ᠬᠢᠴᠢᠶᠡᠵᠤ᠂ ᠬᠠᠯᠠᠭᠤᠨ ᠭᠤᠱᠤᠭᠤᠨ ᠴᠢᠨᠠᠷᠲᠠᠢ ᠢᠳᠡᠭᠡᠨ ᠤᠮᠳᠠᠭᠠᠨ ᠢ ᠴᠡᠭᠡᠷᠯᠡᠨ᠎ᠡ᠃ ᠰᠡᠳᠬᠢᠯ ᠰᠠᠨᠠᠭ᠎ᠠ ᠪᠠᠨ ᠪᠠᠶᠠᠰᠤᠩᠭᠤᠢ ᠪᠠᠶᠢᠯᠭᠠᠨ᠎ᠠ᠃             ᠢᠷᠡᠯᠲᠡ᠄ ︽ᠮᠤᠩᠭᠤᠯ ᠠᠨᠠᠭᠠᠬᠤ ᠤᠬᠠᠭᠠᠨ ᠤ ᠤᠯᠠᠮᠵᠢᠯᠠᠯᠳᠤ ᠵᠠᠰᠠᠯ ᠤᠨ ᠡᠮᠴᠢᠯᠡᠭᠡᠨ ᠤ ᠰᠤᠳᠤᠯᠤᠯ︾
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号