ᠠᠮᠢᠰᠬᠤᠯ ᠤᠨ ᠵᠠᠮ ᠢᠶᠠᠷ ᠲᠠᠮᠵᠢᠵᠤ ᠬᠠᠯᠳᠠᠪᠤᠷᠢᠯᠠᠬᠤ ᠡᠪᠡᠳᠴᠢᠨ ︵ᠬᠤᠶᠠᠷ︶
ᠨᠡᠶᠢᠲᠡᠯᠡᠭᠰᠡᠨ ᠴᠠᠭ᠄
2024/7/2
ᠭᠢᠵᠢᠭ ᠲᠠᠭᠰᠢᠭᠤᠷ᠄      ᠲᠤᠰ ᠡᠪᠡᠳᠴᠢᠨ ᠪᠣᠯ ᠡᠪᠡᠳᠴᠢᠨ ᠤ ᠬᠤᠤᠷ᠎ᠠ ᠠᠴᠠ ᠡᠭᠦᠰᠦᠭᠰᠡᠨ ᠵᠠᠷ ᠤᠨ ᠴᠢᠨᠠᠷᠳᠠᠢ ᠲᠤᠮᠤᠭᠤ ᠪᠤᠯᠤᠨ᠎ᠠ᠃ ᠡᠨᠡᠭᠦ ᠡᠪᠡᠳᠴᠢᠨ ᠤ ᠡᠭᠦᠰᠤᠯᠳᠡ ᠨᠢ ᠴᠤᠴᠢᠮᠠᠭ᠂ ᠬᠠᠯᠳᠠᠪᠤᠷᠢᠯᠠᠬᠤ ᠨᠢ ᠲᠦᠷᠭᠡᠨ ᠪᠠᠶᠢᠳᠠᠭ᠃ ᠡᠭᠦᠨ ᠢ ᠨᠢᠶᠠᠨ ᠬᠠᠯᠳᠠᠪᠤᠷᠢᠯᠠᠭᠰᠠᠨ ᠠᠴᠠ ᠡᠭᠦᠰᠦᠭᠰᠡᠨ ᠭᠢᠵᠢᠭ ᠤᠨ ᠴᠢᠨᠠᠷᠳᠠᠢ ᠬᠠᠯᠠᠭᠤᠨ ᠡᠪᠡᠳᠴᠢᠨ ᠭᠡᠵᠤ ᠦᠵᠡᠳᠡᠭ᠃      ᠰᠢᠨᠵᠢᠯᠡᠨ ᠲᠤᠳᠤᠯᠠᠬᠤ᠄      ᠲᠤᠰ ᠡᠪᠡᠳᠴᠢᠨ ᠳᠤ ᠬᠠᠯᠳᠠᠪᠤᠷᠢᠯᠠᠭᠳᠠᠪᠠᠯ1—2 ᠬᠤᠨᠤᠭ ᠥᠩᠭᠡᠷᠡᠭᠰᠡᠨ ᠤ ᠬᠤᠶᠢᠨ᠎ᠠ ᠰᠠᠶ᠋ᠢ ᠰᠢᠨᠵᠢ ᠲᠡᠮᠳᠡᠭ ᠲᠠᠢ ᠪᠤᠯᠤᠨ᠎ᠠ᠃ ᠡᠭᠢᠯᠡᠮᠡᠭᠴᠡ ᠪᠠᠨ ᠬᠠᠯᠠᠭᠤᠷᠠᠵᠤ᠂ ᠬᠡᠰᠡᠭ ᠲᠡᠭᠡᠨ ᠳᠠᠭᠠᠷᠠᠳᠠᠰᠤ ᠭᠦᠷᠴᠤ᠂ ᠲᠤᠯᠤᠭᠠᠢ ᠨᠢᠷᠤᠭᠤ ᠪᠤᠯᠤᠨ ᠪᠦᠭᠦ ᠪᠡᠶ᠎ᠡ ᠶᠢᠨ ᠦᠶ᠎ᠡ ᠭᠡᠰᠢᠭᠦᠤ ᠡᠪᠡᠳᠤᠨ᠎ᠠ᠃ ᠶᠡᠷᠤ ᠨᠢ ᠡᠭᠢᠨ ᠤ ᠦᠶ᠎ᠡ ᠳᠡᠭᠡᠨ ᠪᠠᠳᠭᠠᠨ ᠭᠡᠢ  ᠶᠢᠨ ᠬᠤᠪᠢ ᠲᠡᠶᠢᠯᠤᠩᠭᠦᠢ ᠪᠣᠯ ᠡᠰᠡ ᠪᠤᠯᠪᠠᠰᠤᠷᠠᠭᠰᠠᠨ ᠤ ᠰᠢᠨᠵᠢ ᠲᠡᠮᠳᠡᠭ ᠢᠯᠡᠭᠦᠤ ᠢᠯᠡᠷᠡᠵᠤ᠂ ᠴᠢᠰᠤ ᠰᠢᠷ᠎ᠠ ᠶᠢᠨ ᠬᠤᠪᠢ ᠨᠢ ᠲᠡᠶᠢᠯᠤᠩᠭᠦᠢ ᠪᠣᠯ ᠬᠠᠯᠠᠭᠤᠨ ᠤ ᠰᠢᠨᠵᠢ ᠢᠯᠡᠭᠦᠤ ᠢᠯᠡᠷᠡᠳᠡᠭ ᠶᠤᠮ᠃ ᠶᠡᠷᠤᠩᠭᠡᠢ ᠳᠡᠭᠡᠨ ᠤᠷᠤᠢ ᠪᠤᠯᠬᠤ  ᠳᠤ ᠪᠡᠶ᠎ᠡ ᠨᠢ ᠮᠠᠭᠤᠳᠠᠵᠤ ᠬᠠᠯᠠᠭᠤᠷᠠᠨ ᠡᠷᠤᠢ ᠬᠤᠷᠤᠢ ᠦᠭᠡᠢ ᠲᠡᠮᠡᠶᠢᠷᠡᠨ ᠵᠡᠭᠦᠳᠦᠯᠡᠨ᠎ᠡ᠃ ᠶᠡᠷᠤ ᠶᠢᠨ ᠲᠠᠭᠰᠢᠭᠤᠷ  ᠠᠴᠠ ᠢᠯᠭᠠᠪᠤᠷᠢᠳᠠᠢ ᠭᠠᠵᠠᠷ ᠭᠡᠪᠡᠯ᠂ ᠪᠦᠭᠦ ᠪᠡᠶ᠎ᠡ ᠶᠢᠨ ᠡᠪᠡᠳᠴᠢᠨ ᠤ ᠡᠪᠡᠷᠰᠢᠶᠡᠯ ᠨᠢ ᠭᠦᠨᠳᠤ ᠰᠢᠭ᠂ ᠠᠮᠢᠰᠬᠤᠯ ᠤᠨ ᠰᠢᠰᠲ᠋ᠧᠮ ᠤᠨ ᠰᠢᠨᠵᠢ ᠲᠡᠮᠳᠡᠭ ᠨᠢ ᠭᠦᠩᠭᠡᠪᠳᠤᠷ ᠪᠠᠶᠢᠳᠠᠭ᠃ ᠰᠤᠳᠠᠯ ᠤᠨ ᠯᠤᠭᠰᠢᠯᠳᠠ ᠨᠢ ᠨᠠᠷᠢᠨ ᠪᠦᠭᠡᠳ ᠲᠤᠭᠳᠠᠪᠤᠷᠢ ᠦᠭᠡᠢ᠂ ᠬᠡᠯᠡᠨ ᠤ ᠥᠩᠭᠦᠷ ᠨᠢ ᠴᠠᠶᠢᠪᠤᠷ ᠰᠢᠷ᠎ᠠ᠂ ᠰᠢᠭᠡᠰᠤ ᠨᠢ ᠴᠠᠶᠢᠪᠤᠷ ᠰᠢᠷ᠎ᠠ ᠪᠦᠭᠡᠳ ᠵᠢᠵᠢᠭ ᠭᠦᠭᠡᠰᠤ ᠲᠠᠢ ᠪᠠᠶᠢᠳᠠᠭ᠃ ᠨᠢᠯᠬ᠎ᠠ ᠬᠡᠤᠬᠡᠳ ᠪᠣᠯ ᠶᠡᠭᠡ ᠬᠠᠯᠠᠭᠤᠷᠠᠭᠰᠠᠨ ᠠᠴᠠ ᠪᠤᠯᠵᠤ᠂ ᠲᠠᠳᠠᠵᠤ ᠬᠠᠨᠳᠠᠷᠬᠤ ᠪᠠᠶᠢᠳᠠᠯ ᠭᠠᠷᠴᠤ ᠮᠡᠳᠡᠨ᠎ᠡ᠃ ᠨᠡᠩ ᠴᠦ ᠠᠭᠤᠰᠭᠢᠨ ᠬᠠᠯᠠᠭᠤᠨ ᠲᠠᠪᠬᠤᠷᠯᠠᠵᠤ ᠮᠡᠳᠡᠭᠦ ᠶᠤᠮ᠃      ᠤᠷᠢᠳᠴᠢᠯᠡᠨ ᠰᠡᠷᠭᠡᠶᠢᠯᠡᠭᠦ᠄      1᠂ ᠤᠯᠠᠨ ᠲᠦᠮᠡᠨᠴᠢ ᠡᠷᠡᠭᠦᠯ ᠬᠠᠮᠠᠭᠠᠯᠠᠯ ᠤᠨ ᠭᠦᠳᠡᠯᠭᠡᠭᠡᠨ ᠢ ᠢᠳᠡᠪᠭᠢᠳᠠᠢ ᠦᠷᠨᠢᠭᠦᠯᠵᠤ᠂ ᠲᠤᠤᠷᠠᠭᠢ ︽ᠬᠡᠷᠡᠭ ᠲᠠᠢ ᠭᠤᠷᠪᠠᠨ ᠵᠤᠶᠢᠯ︾ ᠪᠤᠯᠤᠨ ︽ᠬᠡᠷᠡᠭ ᠦᠭᠡᠢ ᠭᠤᠷᠪᠠᠨ ᠵᠤᠶᠢᠯ︾ ᠤᠨ ᠠᠷᠭ᠎ᠠ ᠬᠡᠮᠵᠢᠶ᠎ᠡ ᠶᠢ ᠨᠡᠶᠢᠳᠠᠪᠤᠷᠢᠵᠢᠭᠤᠯᠬᠤ ᠭᠡᠷᠡᠭᠳᠡᠢ᠃      ︽ᠬᠡᠷᠡᠭ ᠲᠠᠢ ᠭᠤᠷᠪᠠᠨ ᠵᠤᠶᠢᠯ︾ ᠭᠡᠳᠡᠭ ᠨᠢ᠄ ᠨᠢᠭᠡ ᠳᠤ᠄ ᠤᠷᠤᠨ ᠰᠠᠭᠤᠴᠠ ᠳᠠᠭᠠᠨ ᠰᠢᠨ᠎ᠡ ᠰᠤᠷᠭᠤᠭ ᠠᠭᠤᠷ ᠠᠮᠢᠰᠬᠤᠯ ᠢ ᠨᠡᠪᠳᠡᠷᠡᠭᠦᠯᠵᠤ᠂ ᠦᠷᠭᠦᠯᠵᠢ ᠠᠷᠢᠭᠤᠨ ᠴᠡᠪᠡᠷ ᠪᠠᠶᠢᠯᠭᠠᠬᠤ ᠬᠡᠷᠡᠭᠳᠡᠢ᠃ ᠬᠤᠶᠠᠷ ᠲᠤ᠄ ᠡᠶᠢᠮᠤ ᠡᠪᠡᠳᠴᠢᠨ ᠲᠡᠯᠭᠡᠷᠡᠪᠡᠯ ᠲᠡᠷᠡ ᠲᠠᠷᠤᠢ ᠳᠤᠨᠢ ᠬᠤᠯᠪᠤᠭᠳᠠᠯ ᠪᠦᠭᠦᠢ ᠪᠠᠶᠢᠭᠤᠯᠤᠯᠭ᠎ᠠ ᠳᠤ ᠮᠡᠳᠡᠭᠦᠯᠭᠦ ᠬᠡᠷᠡᠭᠳᠠᠢ᠃ ᠭᠤᠷᠪᠠ ᠳᠤ᠄ ᠤᠷᠢᠳᠴᠢᠯᠠᠨ ᠰᠡᠷᠭᠡᠶᠢᠯᠡᠭᠦ ᠠᠵᠢᠯ ᠢ ᠭᠦᠮᠤᠨ ᠪᠦᠭᠦᠨ ᠭᠢᠭᠦ ᠬᠡᠷᠡᠭᠳᠠᠢ᠃      ︽ᠬᠡᠷᠡᠭ ᠦᠭᠡᠢ ᠭᠤᠷᠪᠠᠨ ᠵᠤᠶᠢᠯ︾ ᠭᠡᠳᠡᠭ ᠨᠢ᠄ ᠨᠢᠭᠡ ᠳᠤ᠂ ᠲᠤᠰᠬᠠᠢ ᠰᠣᠪᠢᠯᠠᠭᠴᠢ ᠠᠴᠠ ᠪᠤᠰᠤᠳ ᠭᠦᠮᠤᠨ ᠡᠪᠡᠳᠴᠢᠳᠡᠨ ᠢ ᠠᠰᠠᠷᠠᠵᠤ ᠰᠤᠪᠢᠯᠠᠬᠤ ᠬᠡᠷᠡᠭ ᠦᠭᠡᠢ᠃ ᠬᠤᠶᠠᠷ ᠲᠤ᠂ ᠡᠪᠡᠳᠴᠢᠨ ᠲᠡᠯᠭᠡᠷᠡᠭᠰᠡᠨ ᠠᠶᠢᠯ ᠲᠤᠰᠬᠤᠨ  ᠳᠤ ᠤᠴᠢᠬᠤ ᠬᠡᠷᠡᠭ ᠦᠭᠡᠢ᠃ ᠭᠤᠷᠪᠠ ᠳᠤ᠂ ᠡᠪᠡᠳᠴᠢᠨ ᠲᠡᠯᠭᠡᠷᠡᠭᠰᠡᠨ ᠤᠷᠤᠨ ᠤ ᠬᠤᠷᠰᠢᠶ᠎ᠠ ᠲᠡᠯᠭᠡᠭᠦᠷ ᠲᠤ ᠤᠴᠢᠬᠤ ᠬᠡᠷᠡᠭ ᠦᠭᠡᠢ᠃      2᠂ ᠡᠪᠡᠳᠴᠢᠨ ᠲᠡᠯᠭᠡᠷᠡᠵᠤ ᠪᠠᠶᠢᠭ᠎ᠠ ᠬᠤᠭᠤᠴᠠᠭᠠᠨ ᠳᠤ᠂ ᠡᠪᠡᠳᠴᠢᠨ ᠦᠭᠡᠢ ᠤᠷᠤᠨ ᠤ ᠬᠢᠨ ᠡᠪᠡᠳᠴᠢᠨ ᠲᠡᠯᠭᠡᠷᠡᠭᠰᠡᠨ ᠤᠷᠤᠨ ᠠᠴᠠ ᠢᠷᠡᠭᠰᠡᠨ ᠭᠦᠮᠤᠨ ᠢ ᠡᠪᠡᠳᠴᠢᠨ ᠲᠠᠢ ᠪᠠᠶᠢᠬᠤ ᠡᠰᠡᠭᠦ ᠶᠢ ᠰᠠᠶᠢᠳᠤᠷ ᠠᠵᠢᠭᠯᠠᠵᠤ ᠭᠢᠨᠠᠬᠤ ᠬᠡᠷᠡᠭᠳᠡᠢ᠃ ᠡᠪᠡᠳᠴᠢᠨ ᠲᠡᠯᠭᠡᠷᠡᠭᠰᠡᠨ ᠤᠷᠤᠨ ᠤ ᠭᠦᠮᠤᠰ ᠴᠠᠭᠠᠨ ᠰᠠᠷᠢᠮᠰᠠᠭ ᠤᠨ ᠰᠢᠭᠦᠰᠤ2 —3 ᠲᠤᠰᠤᠯ  ᠢ ᠬᠠᠮᠠᠷ ᠲᠠᠭᠠᠨ ᠳᠤᠰᠤᠭᠠᠬᠤ ᠶᠢᠨ ᠬᠠᠮᠳᠤ ᠲᠦᠭᠦᠭᠡᠢ ᠰᠠᠷᠢᠮᠰᠠᠭ ᠢ ᠢᠳᠡᠵᠤ ᠪᠠᠶᠢᠪᠠᠯ ᠰᠠᠶᠢᠨ᠃ ᠲᠠᠭᠢᠨ ᠭᠦᠮᠤᠨ ᠪᠦᠷᠢ ᠳᠤ ᠮᠠᠨᠤ —4 ᠶᠢᠨ ᠲᠠᠩ ᠢ4 —5 ᠤᠳᠠᠭ᠎ᠠ ᠤᠤᠭᠤᠯᠭᠠᠵᠤ ᠰᠡᠷᠭᠡᠶᠢᠯᠡᠭᠦ ᠬᠡᠷᠡᠭᠳᠡᠢ᠃      3᠂ ᠡᠪᠡᠳᠴᠢᠨ ᠲᠡᠯᠭᠡᠷᠡᠵᠤ ᠪᠠᠶᠢᠭ᠎ᠠ ᠬᠤᠭᠤᠴᠠᠭᠠᠨ ᠳᠤ ᠡᠪᠡᠳᠴᠢᠳᠡᠨ ᠢ ᠭᠡᠷ ᠲᠤᠨᠢ ᠲᠤᠰᠠᠭᠠᠷᠯᠠᠨ ᠰᠠᠭᠤᠯᠭᠠᠵᠤ ᠡᠮᠴᠢᠯᠡᠭᠦ ᠬᠡᠷᠡᠭᠳᠡᠢ᠃      ᠡᠮᠨᠡᠨ ᠵᠠᠰᠠᠬᠤ᠄      ᠡᠭᠦᠨ ᠢ ᠪᠤᠯᠪᠠᠰᠤᠷᠠᠭᠤᠯᠬᠤ ᠶᠢᠨ ᠬᠠᠮᠳᠤ ᠨᠢᠳᠤᠯᠵᠤ᠂ ᠰᠡᠭᠦᠯ ᠤᠨ ᠬᠤᠭᠤᠴᠠᠭᠠᠨ ᠳᠤ᠂ ᠬᠤᠭᠤᠰᠤᠨ ᠬᠠᠯᠠᠭᠤᠨ ᠪᠤᠯᠵᠤ ᠬᠤᠪᠢᠷᠠᠬᠤ ᠶᠢ ᠰᠠᠷᠭᠡᠶᠢᠯᠡᠨ ᠵᠠᠰᠠᠬᠤ ᠵᠠᠷᠴᠢᠮ ᠢ ᠪᠠᠷᠢᠮᠳᠠᠯᠠᠨ᠎ᠠ᠃      1᠂ ᠮᠤᠩᠭᠤᠯ ᠡᠮ      ︵1︶ ᠮᠠᠨᠤ —4 ᠶᠢᠨ ᠲᠠᠩ ᠪᠤᠶᠤ ᠨᠤᠷᠪᠤ —7 ᠶᠢᠨ ᠲᠠᠩ ᠢ ᠡᠳᠤᠷ ᠲᠤ2 —3 ᠤᠳᠠᠭ᠎ᠠ ᠤᠤᠭᠤᠯᠭᠠᠨ᠎ᠠ᠃ ᠤᠷᠤᠢ ᠳᠤᠨᠢ ᠪᠦᠷᠤᠨᠠᠭ —29᠂ ᠴᠦᠩ —5 ᠪᠤᠶᠤ ᠭᠠᠷᠤᠳᠢ —9 ᠶᠢ ᠲᠤᠭᠤᠯ ᠡᠪᠡᠰᠤ —7 ᠶᠢᠨ ᠲᠠᠩ  ᠢᠶᠠᠷ ᠲᠠᠷᠤᠭᠤᠯᠵᠤ ᠤᠤᠭᠤᠯᠭᠠᠬᠤ ᠪᠤᠶᠤ ᠲᠤᠭᠤᠯ ᠡᠪᠡᠰᠤ ᠶᠢᠨ ᠭᠠᠭᠴᠠ ᠲᠠᠩ ᠢᠶᠠᠷ ᠲᠠᠷᠤᠭᠤᠯᠵᠤ ᠤᠤᠭᠤᠯᠭᠠᠨ᠎ᠠ᠃      ︵2︶ ᠡᠪᠡᠳᠴᠢᠨ ᠤ ᠪᠠᠶᠢᠳᠠᠯ ᠳᠤ ᠲᠣᠬᠢᠷᠠᠭᠤᠯᠵᠤ᠂ ᠨᠢᠶᠠᠨ ᠲᠡᠶᠢᠯᠤᠩᠭᠦᠢ ᠪᠣᠯ ᠨᠠᠷᠤ —3᠂ ᠴᠦᠩ —5᠂ ᠪᠠᠩᠽᠢ —12᠂ ᠴᠤᠯᠤ ᠶᠢᠨ ᠬᠠᠯᠠᠭᠤᠨ ᠲᠡᠶᠢᠯᠤᠩᠭᠦᠢ ᠪᠣᠯ ᠡᠷᠭᠢᠮ —8᠂ ᠰᠢᠷ᠎ᠠ ᠲᠡᠶᠢᠯᠤᠩᠭᠦᠢ ᠪᠣᠯ ᠮᠠᠩᠨᠠᠭᠴᠢᠨᠪᠤ᠂ ᠮᠠᠩᠰᠸᠡᠷᠴᠢᠨᠪᠤ ᠵᠡᠷᠭᠡ ᠶᠢ ᠲᠤᠰ ᠲᠤᠰ ᠤᠤᠭᠤᠯᠭᠠᠵᠤ ᠪᠤᠯᠤᠨ᠎ᠠ᠃ ᠬᠠᠯᠠᠭᠤᠨ ᠨᠢ ᠪᠠᠭᠤᠷᠠᠬᠤ ᠦᠭᠡᠢ ᠪᠣᠯ ᠭᠠᠪᠤᠷ —25 ᠶᠢ ᠲᠤᠭᠤᠯ ᠡᠪᠡᠰᠤ ᠶᠢᠨ ᠭᠠᠭᠴᠠ ᠲᠠᠩ ᠢᠶᠠᠷ ᠲᠠᠷᠤᠭᠤᠯᠵᠤ ᠤᠤᠭᠤᠯᠭᠠᠵᠤ ᠪᠤᠯᠤᠨ᠎ᠠ᠃ ᠭᠡᠪᠡᠴᠤ ᠭᠠᠪᠤᠷ  ᠲᠠᠢ ᠡᠮ ᠢ ᠬᠡᠷᠡᠭᠯᠡᠵᠤ᠂ ᠬᠠᠯᠠᠭᠤᠨ ᠢ ᠪᠠᠭᠤᠷᠠᠭᠤᠯᠤᠭᠰᠠᠨ ᠤ ᠬᠤᠶᠢᠨ᠎ᠠ ᠠᠭᠠᠷᠤ —35 ᠶᠢ ᠤᠤᠭᠤᠯᠭᠠᠵᠤ ᠭᠡᠢ ᠬᠠᠯᠠᠭᠤᠨ ᠪᠤᠯᠬᠤ ᠠᠴᠠ ᠰᠡᠷᠭᠡᠶᠢᠯᠡᠭᠦ ᠴᠢᠬᠤᠯᠠᠲᠠᠢ᠃      ︵3︶ ᠬᠡᠤᠬᠡᠳ ᠲᠤ ︿1﹀ ᠰᠤᠷᠤᠯᠤ —4 ᠶᠢᠨ ᠲᠠᠩ ᠢ ᠭᠤᠷᠪᠠᠨ ᠤᠯᠠᠭᠠᠨ ᠤ ᠲᠠᠩ ᠲᠠᠢ ᠬᠠᠪᠰᠤᠷᠴᠤ ᠰᠢᠬᠢᠷ ᠲᠠᠢ ᠴᠢᠨᠠᠵᠤ᠂ ᠡᠳᠤᠷ ᠲᠤ2 —4 ᠤᠳᠠᠭ᠎ᠠ ᠤᠤᠭᠤᠯᠭᠠᠨ᠎ᠠ᠃ ᠤᠷᠤᠢ ᠳᠤᠨᠢ ᠯᠤᠨᠪᠤ —3 ᠪᠤᠶᠤ ᠵᠢᠭᠰᠢᠭᠦᠨᠷᠡᠯ  ᠢ ᠰᠢᠬᠢᠷ ᠲᠠᠢ ᠤᠰᠤ ᠪᠠᠷ ᠲᠠᠷᠤᠭᠤᠯᠵᠤ ᠤᠤᠭᠤᠯᠭᠠᠨ᠎ᠠ᠃ ︿2﹀ ᠡᠪᠡᠳᠴᠢᠨ ᠤ ᠪᠠᠶᠢᠳᠠᠯ ᠳᠤ ᠲᠤᠭᠢᠷᠠᠭᠤᠯᠵᠤ ᠠᠭᠤᠰᠭᠢᠨ ᠳᠤ ᠬᠠᠯᠠᠭᠤᠨ ᠶᠡᠭᠡ ᠲᠠᠢ ᠪᠣᠯ ᠽᠠᠨᠳᠠᠨ —8 ᠪᠤᠶᠤ ᠠᠭᠤᠰᠭᠢᠨ ᠤ ᠬᠠᠯᠠᠭᠤᠨ ᠢ ᠠᠷᠢᠯᠭᠠᠭᠴᠢ —6 ︵ᠯᠤᠽᠠᠳᠭᠦᠨᠰᠧᠯ︶᠂ ᠭᠢᠮᠤᠷᠠᠭᠰᠠᠨ ᠪᠣᠯ ᠠᠭᠤᠰᠭᠢᠨ ᠭᠢᠮᠤᠷ᠎ᠠ ᠶᠢᠨ ᠲᠠᠯᠬ᠎ᠠ ︵ᠷᠾᠦ᠋ᠭᠯᠤᠭᠦᠨᠰᠧᠯ︶᠂ ᠰᠠᠪᠠᠨ ᠳᠤ ᠬᠠᠯᠠᠭᠤᠨ ᠲᠠᠢ ᠪᠣᠯ ᠪᠠᠭᠠᠳᠤᠷ —7 ᠶᠢ ᠲᠤᠰ ᠲᠤᠰ ᠤᠤᠭᠤᠯᠭᠠᠨ᠎ᠠ᠃ ︿3﹀ ᠬᠠᠯᠠᠭᠤᠨ ᠨᠢ ᠪᠠᠭᠤᠷᠠᠬᠤ ᠳᠤ ᠬᠦᠴᠢᠷ  ᠲᠠᠢ ᠪᠤᠶᠤ ᠡᠮ ᠤᠤᠭᠤᠬᠤ ᠳᠤ ᠬᠦᠴᠢᠷᠳᠡᠪᠡᠯ ᠲᠤᠭᠤᠯ ᠡᠪᠡᠰᠤ —7 ᠶᠢᠨ ᠲᠠᠩ ᠢ ᠴᠢᠨᠠᠭᠠᠳ ᠬᠠᠯᠠᠭᠤᠨ ᠢᠶᠠᠷ ᠨᠢ ᠴᠡᠪᠡᠷ ᠪᠦᠰ ᠲᠡᠭᠡᠷ᠎ᠡ ᠱᠠᠭᠠᠷᠤ ᠲᠠᠢ ᠨᠢ ᠬᠠᠮᠳᠤ ᠰᠦᠷᠴᠢᠵᠣ ᠴᠡᠭᠡᠵᠢ ᠶᠢ ᠨᠢ ᠤᠷᠢᠶᠠᠵᠤ᠂ ᠰᠠᠯᠭᠢ ᠠᠪᠤᠭᠤᠯᠬᠤ ᠦᠭᠡᠢ ᠪᠠᠷ ᠭᠦᠯᠤᠷᠡᠭᠦᠯᠤᠨ᠎ᠡ᠃ ᠡᠨᠡ ᠪᠣᠯ ᠬᠠᠯᠠᠭᠤᠨ ᠲᠤᠳᠤᠭᠰᠢ ᠰᠢᠷᠭᠤᠭᠰᠠᠨ ᠳᠤ ᠤᠨᠴᠠ ᠰᠠᠶᠢᠨ ᠪᠠᠶᠢᠳᠠᠭ᠃      2᠂ ᠲᠦᠭᠦᠮ ᠠᠷᠭ᠎ᠠ ᠪᠠᠷ ᠡᠮᠨᠡᠨ ᠵᠠᠰᠠᠬᠤ᠄      ︵1︶ ᠡᠪᠡᠰᠤᠨ ᠳ᠋ᠧᠸ᠎ᠡ ᠶᠢ ᠡᠳᠤᠷ ᠲᠤ2 ᠤᠳᠠᠭ᠎ᠠ᠂ ᠤᠳᠠᠭ᠎ᠠ ᠪᠦᠷᠢ6 ᠴᠢᠨ ᠢ ᠴᠢᠨᠠᠵᠤ᠂ ᠦᠷᠭᠦᠯᠵᠢᠯᠡᠨ3 —5 ᠡᠳᠤᠷ ᠤᠤᠭᠤᠯᠭᠠᠨ᠎ᠠ᠃ ︵2︶ ᠳ᠋ᠦᠮᠪᠤᠷᠧᠷᠡᠯ ᠢ ᠡᠳᠤᠷ ᠲᠤ2 ᠤᠳᠠᠭ᠎ᠠ᠂ ᠤᠳᠠᠭ᠎ᠠ ᠪᠦᠷᠢ5 ᠴᠢᠨ ᠢ ᠴᠢᠨᠠᠵᠤ ᠦᠷᠭᠦᠯᠵᠢᠯᠡᠨ3 —5 ᠡᠳᠤᠷ ᠤᠤᠭᠤᠯᠭᠠᠨ᠎ᠠ᠃ ︵3︶ ᠲᠡᠮᠡᠭᠡᠨ ᠭᠦᠭᠦ ᠶᠢ ᠡᠳᠤᠷ ᠲᠤ2 ᠤᠳᠠᠭ᠎ᠠ᠂ ᠤᠳᠠᠭ᠎ᠠ ᠪᠦᠷᠢ3 —5 ᠴᠢᠨ ᠢ ᠴᠢᠨᠠᠵᠤ᠂ ᠦᠷᠭᠦᠯᠵᠢᠯᠡᠨ3 —5 ᠡᠳᠤᠷ ᠤᠤᠭᠤᠯᠭᠠᠨ᠎ᠠ᠃      3᠂ ᠭᠢᠳᠡᠳ ᠡᠮ᠄      ︵1︶ ᠳᠠᠭᠠᠷᠠᠳᠠᠰᠤ ᠭᠦᠴᠤ ᠬᠠᠯᠠᠭᠤᠷᠠᠬᠤ᠂ ᠲᠤᠯᠤᠭᠠᠢ ᠡᠪᠡᠳᠭᠦ᠂ ᠵᠠᠯᠭᠢᠭᠤᠷ ᠡᠪᠡᠳᠭᠦ ᠵᠡᠷᠭᠡ ᠳᠤ ᠶᠢᠨ ᠴᠢᠶᠤᠤ ᠵᠢᠶᠧ ᠳ᠋ᠦ᠋ ᠸᠠᠨ ᠢ ᠬᠤᠯᠤᠳᠠᠰᠤᠨ ᠤ ᠦᠨᠳᠤᠰᠤ 0᠂6 ᠠᠴᠠ1 ᠯᠠᠩ ᠢ ᠴᠢᠨᠠᠭᠰᠠᠨ ᠲᠠᠩ ᠢᠶᠠᠷ ᠲᠠᠷᠤᠭᠤᠯᠵᠤ᠂ ᠡᠳᠤᠷ ᠲᠤ2 ᠤᠳᠠᠭ᠎ᠠ᠂ ᠤᠳᠠᠭ᠎ᠠ ᠪᠦᠷᠢ ᠨᠢᠭᠡ ᠦᠷᠡᠯ ᠤᠤᠭᠤᠯᠭᠠᠨ᠎ᠠ᠃ ︵2︶ ᠰᠠᠭᠤᠯᠭᠠᠬᠤ᠂ ᠲᠤᠷ᠎ᠠ ᠪᠤᠯᠭᠢᠬᠤ᠂ ᠪᠦᠭᠡᠯᠵᠢᠭᠦ ᠰᠢᠨᠵᠢ ᠭᠠᠷᠪᠠᠯ ᠡᠾᠦ᠋ᠸ᠋ ᠰᠢᠶᠠᠩ ᠵᠸᠡᠩ ᠴᠢ ᠸᠠᠨ 藿香正气丸︶ ᠢ ᠡᠳᠤᠷ  ᠲᠤ2 ᠤᠳᠠᠭ᠎ᠠ᠂ ᠤᠳᠠᠭ᠎ᠠ ᠪᠦᠷᠢ ᠨᠢᠭᠡ ᠦᠷᠡᠯ ᠤᠤᠭᠤᠯᠭᠠᠨ᠎ᠠ᠃      4᠂ ᠬᠠᠨᠠᠬᠤ ᠵᠠᠰᠠᠯ᠄      ᠡᠪᠡᠳᠴᠢᠳᠡᠨ ᠤ ᠲᠠᠮᠢᠷ ᠰᠠᠶᠢᠨ ᠪᠦᠭᠡᠳ ᠶᠡᠭᠡ ᠬᠠᠯᠠᠭᠤᠷᠠᠨ ᠲᠤᠯᠤᠭᠠᠢ ᠰᠦᠷᠡᠭᠡᠢ ᠡᠪᠡᠳᠴᠤ ᠪᠠᠶᠢᠪᠠᠯ ᠮᠠᠩᠨᠠᠢ  ᠶᠢᠨ ᠭᠤᠤᠯ ᠰᠤᠳᠠᠯ ᠪᠤᠯᠤᠨ ᠰᠧᠷᠳᠦ᠋ᠩ᠂ ᠦᠯᠳᠦ᠋ᠩ ᠢ ᠬᠠᠨᠠᠵᠤ ᠪᠤᠯᠤᠨ᠎ᠠ᠃      5᠂ ᠵᠡᠭᠦᠤ ᠲᠦᠭᠡᠨᠡᠯᠭᠡ ᠶᠢᠨ ᠵᠠᠰᠠᠯ᠄      ᠹᠸᠡᠩ ᠹᠦ᠋᠂ ᠳ᠋ᠠ ᠵᠢᠤᠢ᠂ ᠹᠸᠡᠩ ᠴᠾᠢ᠂ ᠡᠾ ᠭᠦ᠋᠂ ᠲᠠᠢ ᠶᠠᠩ᠂ ᠸᠧᠢ ᠵᠦᠩ᠂ ᠴᠢᠤᠢ ᠴᠾᠢ ᠵᠡᠷᠭᠡ ᠶᠢ ᠬᠠᠳᠬᠤᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号