ᠠᠭᠤᠴᠢᠯᠠᠯ ᠪᠤᠯ ᠨᠢᠭᠡ ᠵᠦᠢᠯ ᠤᠨ ᠬᠦᠮᠣᠵᠢᠬᠦᠯᠬᠦ ᠠᠷᠭ᠎ᠠ ᠮᠦᠨ
ᠨᠡᠶᠢᠲᠡᠯᠡᠭᠰᠡᠨ ᠴᠠᠭ᠄
2024/3/25
     ᠣᠣᠯ ᠤᠨ ᠵᠦᠪᠯᠡᠯᠳᠣ ᠬᠤᠯᠪᠤᠭᠠᠳᠣ ᠣᠯᠣᠰ ᠤᠨ ᠠᠯᠳᠠᠷᠳᠣ ᠰᠣᠷᠭᠠᠨ ᠬᠦᠮᠣᠵᠢᠯ ᠤᠨ ᠤᠬᠠᠭᠠᠨᠳᠠᠠ ᠰᠣᠬᠤᠮᠠᠯᠢᠨ᠋ᠰᠺᠢ ︽ᠵᠠᠷᠢᠮ ᠦᠶ᠎ᠠ ᠳᠤ ᠠᠭᠤᠴᠢᠯᠠᠯ ᠠᠴᠠ ᠪᠤᠯᠣᠬᠰᠠᠨ ᠶᠣᠰᠣ ᠮᠣᠷᠠᠯ ᠤᠨ ᠳᠣᠩᠰᠤᠯᠲᠠ ᠨᠢ ᠶᠠᠯᠠᠳᠠᠵᠤ ᠰᠢᠳᠬᠡᠬᠦ ᠠᠴᠠ ᠨᠡᠩ ᠴᠢᠩᠭ᠎ᠠ ᠰᠢᠷᠣᠬᠦᠨ ᠪᠠᠶᠢᠳᠠᠭ︾ ᠬᠡᠵᠣ ᠵᠢᠭᠠᠵᠣ ᠭᠠᠷᠭᠠᠬᠰᠠᠨ ᠪᠢᠯᠠ᠃ ᠡᠬᠦᠨ ᠠᠴᠠ ᠰᠣᠷᠣᠭᠴᠢ  ᠶᠢ ᠬᠦᠮᠣᠵᠢᠬᠦᠯᠬᠦ ᠳᠤ ᠵᠣᠬᠢᠰᠳᠠᠢ ᠠᠭᠤᠴᠢᠯᠠᠯ ᠶᠠᠪᠤᠭᠤᠯᠬᠤ ᠨᠢ ᠰᠣᠷᠭᠠᠨ ᠬᠦᠮᠣᠵᠢᠬᠦᠯᠬᠦ ᠵᠣᠷᠢᠯᠭ᠎ᠠ ᠳᠠᠭᠠᠨ ᠬᠦᠷᠬᠦ ᠨᠢᠭᠡ ᠵᠦᠢᠯ ᠤᠨ ᠪᠦᠳᠣᠮᠵᠢᠳᠠᠢ ᠠᠷᠭ᠎ᠠ ᠪᠤᠯᠬᠤ ᠶᠢ ᠮᠡᠳᠡᠵᠤ ᠪᠤᠯᠤᠨ᠎ᠠ᠃      ᠠᠭᠤᠴᠢᠯᠠᠯ ᠪᠤᠯ ᠲᠠᠯᠳᠠ ︽ᠰᠢᠬᠦᠮᠵᠢᠯᠠᠯ︾ ᠮᠦᠨ᠃ ᠵᠠᠷᠢᠮ ᠦᠶ᠎ᠠ ᠳᠤ ᠡᠨᠡ ᠨᠢ ᠬᠡᠢ ᠬᠤᠭᠤᠰᠣᠨ ᠨᠣᠮᠯᠠᠯ᠂ ᠬᠠᠶᠢᠷ᠎ᠠ ᠨᠠᠶᠢᠷ ᠦᠬᠡᠢ ᠵᠢᠮᠠᠯᠠᠯ ᠠᠴᠠ ᠬᠤᠯᠠ ᠲᠡᠭᠡᠷ᠎ᠠ ᠪᠦᠭᠡᠳ ᠬᠤᠯᠠ ᠶᠡᠭᠡ ᠦᠢᠯᠡᠳᠣᠯ ᠦᠵᠡᠬᠦᠯᠳᠡᠭ᠃ ᠢᠯᠠᠩᠭᠤᠶ᠎ᠠ ᠨᠡᠷᠡᠯᠭᠡᠦ ᠰᠡᠳᠬᠢᠯᠭᠡ ᠲᠠᠢ ᠰᠣᠷᠣᠭᠴᠢ ᠳᠤ ᠵᠣᠬᠢᠬᠤ ᠠᠭᠤᠴᠢᠯᠠᠯ ᠶᠠᠪᠤᠭᠤᠯᠬᠤ ᠨᠢ ᠪᠠᠭᠰᠢ ᠰᠣᠷᠣᠭᠴᠢ  ᠶᠢᠨ ᠬᠠᠷᠢᠴᠠᠭ᠎ᠠ ᠶᠢ ᠣᠯᠠᠮ ᠨᠢᠬᠳᠠ ᠪᠤᠯᠭᠠᠵᠣ᠂ ᠰᠣᠷᠣᠭᠴᠢ ᠶᠢᠨ ᠪᠠᠭᠰᠢ ᠪᠠᠨ ᠢᠳᠡᠭᠡᠨ ᠪᠢᠰᠢᠷᠡᠬᠦ᠂ ᠪᠠᠭᠰᠢ ᠪᠠᠨ ᠬᠦᠨᠳᠣᠳᠭᠡᠬᠦ ᠰᠡᠳᠬᠢᠯᠭᠡ ᠶᠢ ᠪᠤᠢ ᠪᠤᠯᠭᠠᠬᠤ ᠳᠤ ᠲᠣᠩ ᠠᠰᠢᠬᠳᠠᠢ ᠪᠦᠭᠡᠳ ᠰᠣᠷᠣᠭᠴᠢ ᠶᠢᠨ ᠣᠷᠣᠭᠰᠢ ᠲᠠᠪᠰᠢᠨ ᠴᠢᠷᠮᠠᠶᠢᠬᠤ ᠳᠤᠨᠢ ᠲᠦᠯᠬᠢᠴᠡ ᠬᠦᠴᠣᠨ ᠪᠤᠯᠳᠠᠭ᠃      ᠲᠡᠭᠡᠪᠡᠯ ᠶᠠᠮᠠᠷ ᠦᠶᠡᠰ ᠠᠭᠤᠴᠢᠯᠠᠯ ᠶᠠᠪᠤᠭᠤᠯᠪᠠᠯ ᠵᠣᠬᠢᠬᠤ ᠪᠤᠢ︖ ᠶᠠᠮᠠᠷ ᠨᠢᠭᠡᠨ ᠰᠣᠷᠣᠭᠴᠢ ᠬᠡᠷᠪᠡ  ᠰᠠᠨᠠᠭᠠᠴᠢᠯᠠᠭ᠎ᠠ ᠦᠬᠡᠢ ᠪᠠᠶᠢᠳᠠᠯ ᠲᠣᠣᠷ᠎ᠠ ᠬᠡᠨᠡᠳᠳᠡ ᠶᠢᠨ ᠠᠯᠳᠠᠭ᠎ᠠ ᠲᠣᠳᠠᠬᠳᠠᠯ ᠭᠠᠷᠭᠠᠬᠰᠠᠨ ᠪᠠᠶᠢᠪᠠᠯ ᠠᠭᠤᠴᠢᠯᠠᠯ ᠶᠠᠪᠤᠭᠤᠯᠵᠣ ᠪᠤᠯᠤᠨ᠎ᠠ᠃ ᠦᠪᠡᠷ ᠤᠨ ᠲᠣᠳᠠᠭᠳᠠᠯ ᠢᠶᠠᠨ ᠮᠡᠳᠡᠷᠡᠵᠣ᠂ ᠭᠠᠷᠭᠠᠬᠰᠠᠨ ᠠᠯᠳᠠᠭ᠎ᠠ ᠳᠠᠭᠠᠨ ᠬᠡᠮᠰᠢᠨ ᠬᠠᠷᠠᠮᠰᠠᠵᠣ ᠭᠤᠨᠢᠨ ᠭᠤᠳᠣᠷᠠᠵᠣ ᠪᠠᠶᠢᠬᠤ ᠦᠶᠠᠰ ᠠᠭᠤᠴᠢᠯᠠᠯ ᠶᠠᠪᠤᠭᠤᠯᠵᠣ ᠪᠤᠯᠤᠨ᠎ᠠ᠃ ᠡᠨᠡ ᠦᠶᠡᠰ ᠪᠠᠭᠰᠢ ᠠᠴᠠ ᠴᠢᠩ ᠦᠨᠠᠨᠴᠢ ᠪᠠᠷ ᠬᠠᠯᠠᠮᠵᠢᠯᠠᠵᠣ ᠴᠢᠭᠡᠴᠢ ᠲᠣᠳᠣᠨᠣ ᠪᠠᠷ ᠠᠭᠤᠴᠢᠯᠠᠠ ᠰᠣᠷᠭᠠᠬᠤ ᠨᠢ ᠰᠣᠷᠣᠬᠴᠢ ᠶᠢᠨ ᠰᠡᠳᠬᠢᠯ ᠰᠠᠨᠠᠭ᠎ᠠ ᠶᠢ ᠬᠢᠯᠪᠠᠷᠬᠠᠨ ᠬᠦᠨᠳᠡᠵᠤ ᠴᠢᠳᠠᠳᠠᠭ ᠶᠣᠮ᠃ ᠪᠠᠰᠠ ᠪᠠᠭᠰᠢ ᠰᠣᠷᠣᠬᠴᠢ ᠶᠢᠨ ᠬᠤᠭᠤᠷᠣᠨᠳᠣᠬᠢ ᠵᠦᠷᠢᠴᠡᠯ ᠦᠵᠡᠬᠦᠶ᠎ᠠ ᠬᠤᠷᠴᠠ ᠰᠢᠷᠦᠬᠦᠨ ᠪᠤᠯᠵᠣ᠂ ᠰᠣᠷᠣᠬᠴᠢ ᠡᠰᠡᠷᠬᠦᠴᠡᠨ ᠵᠦᠷᠢᠬᠦᠯᠵᠣ ᠪᠦᠬᠦᠢ ᠪᠠᠴᠢᠮ ᠦᠶᠡᠰ ᠲᠤ ᠮᠦᠨ ᠠᠭᠤᠴᠢᠯᠠᠯ ᠶᠠᠪᠤᠭᠤᠯᠵᠣ ᠪᠤᠯᠤᠨ᠎ᠠ᠃ ᠡᠨᠡ ᠦᠶᠡᠰ ᠲᠤ ᠬᠡᠷᠪᠡ ︽ᠦᠰᠢᠶ᠎ᠠ ᠶᠢ ᠦᠰᠢᠶ᠎ᠠ ᠪᠠᠷ︾ ᠬᠡᠵᠣ ᠬᠠᠶᠢᠷ᠎ᠠ ᠨᠡᠶᠢᠷ ᠦᠬᠡᠢ ᠬᠠᠳᠠᠭᠤ ᠰᠢᠷᠣᠬᠦᠨ ᠰᠢᠬᠦᠮᠵᠢᠯᠠᠪᠠᠯ ᠵᠦᠷᠢᠴᠡᠯ ᠣᠯᠠᠮ ᠬᠤᠷᠴᠠ ᠪᠤᠯᠵᠣ᠂ ᠦᠷ᠎ᠠ ᠳ᠋ᠦᠡᠭ ᠨᠢ ᠮᠠᠭᠤ ᠲᠠᠰᠢ  ᠪᠠᠨ ᠬᠦᠭᠵᠢᠵᠤ ᠮᠡᠳᠡᠨ᠎ᠠ᠃ ᠠᠳᠡ ᠬᠡᠯᠡᠵᠣ ᠪᠠᠶᠢᠭ᠎ᠠ ᠠᠭᠤᠴᠢᠯᠠᠯ ᠪᠤᠯ ᠶᠠᠮᠠᠷ ᠴᠣ᠋ ᠨᠦᠬᠦᠴᠡᠯ ᠱᠠᠭᠠᠷᠳᠠᠯᠭ᠎ᠠ ᠦᠬᠡᠢ  ᠪᠠᠷ ᠬᠠᠶᠠᠨ ᠳᠤᠨᠢ ᠬᠠᠶᠠᠵᠣ᠂ ᠲᠠᠪᠠ   ᠪᠠᠷ ᠨᠢ ᠲᠠᠯᠪᠢᠵᠣ ᠬᠠᠶᠢᠬᠤᠷᠬᠤ ᠦᠬᠡᠢ ᠬᠡᠰᠡᠨ ᠶᠠᠪᠤᠳᠠᠯ ᠣᠬᠳᠣ ᠪᠢᠰᠢ᠃ ᠡᠬᠦᠨ ᠳᠤ ᠬᠠᠷᠢᠨ ᠨᠡᠩ ᠨᠠᠷᠢᠨ ᠨᠢᠮᠪᠠᠢ᠂ ᠨᠡᠩ ᠴᠢᠩᠭ᠎ᠠ ᠬᠦᠯᠢᠴᠡᠩᠭᠦᠢ᠂ ᠨᠡᠩ ᠬᠠᠯᠠᠭᠤᠨ ᠲᠣᠳᠣᠨᠣᠰᠤᠭ ᠦᠵᠡᠯ ᠰᠠᠨᠠᠭᠠᠨ ᠤ ᠬᠦᠮᠣᠵᠢᠯ ᠤᠨ ᠠᠵᠢᠯ ᠱᠠᠭᠠᠷᠳᠠᠬᠳᠠᠨ᠎ᠠ᠃ ᠪᠠᠭᠰᠢ ᠠᠴᠠ ᠲᠠᠷᠣᠢ ᠠᠤᠭ᠎ᠠ ᠪᠠᠭᠳᠠᠭᠠᠮᠵᠢᠳᠣ ᠬᠡᠬᠦᠳᠡᠭ ᠴᠡᠭᠡᠵᠢ᠂ ᠬᠦᠨ ᠵᠣᠵᠠᠭᠠᠨ ᠬᠠᠶᠢᠷ᠎ᠠ ᠰᠡᠳᠬᠢᠯᠭᠡ᠂ ᠢᠳᠬᠠᠨ ᠪᠢᠰᠢᠷᠡᠬᠦᠯᠬᠦ ᠬᠡᠯᠡ ᠬᠡᠯᠡᠯᠭᠡ ᠪᠠᠷ ᠰᠣᠷᠣᠬᠴᠢ ᠶᠢᠨ ᠠᠯᠳᠠᠭ᠎ᠠ ᠲᠣᠳᠠᠬᠳᠠᠯ ᠢ ᠣᠷᠠᠨ ᠲᠠᠮ ᠲᠠᠢ ᠵᠠᠯᠠᠷᠠᠭᠤᠯᠬᠤ ᠶᠢ  ᠪᠠᠷᠢᠮᠳᠠᠯᠠᠵᠣ᠂ ᠰᠣᠷᠣᠬᠴᠢ ᠶᠢᠨ ᠠᠯᠳᠠᠭ᠎ᠠ ᠲᠣᠳᠠᠬᠳᠠᠯ  ᠠᠴᠠ ᠪᠤᠯᠤᠭᠰᠠᠠ ᠮᠠᠭᠤ ᠦᠷ᠎ᠠ ᠳ᠋ᠦ᠋ᠩ ᠢ ᠲᠠᠨᠢᠭᠤᠯᠵᠣ᠂ ᠰᠣᠷᠣᠭᠴᠢ ᠬᠦᠮᠣᠨ ᠤ ᠠᠮᠢᠳᠣᠷᠠᠯ ᠤᠨ ᠵᠠᠮ ᠣᠷᠳᠣ᠂ ᠢᠷᠡᠭᠡᠳᠣᠢ ᠦᠢᠯᠡᠰ ᠰᠠᠷᠠᠭᠤᠯ ᠪᠤᠯᠬᠤ ᠶᠢ ᠪᠤᠳᠠᠳᠠᠢ ᠲᠠᠨᠢᠭᠤᠯᠬᠤ ᠬᠡᠷᠡᠭᠳᠡᠢ᠃ ᠠᠭᠤᠴᠢᠯᠠᠯ ᠳᠤ ᠬᠡᠯᠡ ᠬᠡᠯᠡᠯᠭᠡ ᠡᠶᠡᠯᠳᠡᠭ ᠵᠦᠭᠡᠯᠡᠨ᠂ ᠬᠦᠰᠡᠯ ᠱᠠᠭᠠᠷᠳᠠᠯᠭ᠎ᠠ ᠴᠢᠩᠭ᠎ᠠ ᠪᠤᠳᠠᠳᠠᠢ ᠪᠠᠶᠢᠬᠤ ᠬᠡᠷᠡᠭᠳᠡᠢ᠃ ᠠᠭᠤᠴᠢᠯᠠᠯ ᠳᠤ ᠪᠠᠭᠰᠢ ᠶᠢᠨ ᠠᠭᠤᠵᠢᠮ ᠬᠦᠯᠢᠴᠡᠩᠬᠦᠢ ᠪᠠᠶᠢᠬᠤ ᠶᠠᠪᠤᠳᠠᠯ ᠲᠣᠯᠭᠠᠮ᠎ᠠ ᠱᠠᠭᠠᠷᠳᠠᠭᠳᠠᠨ᠎ᠠ᠃ ᠡᠶᠢᠮᠣ ᠪᠢᠰᠢ ᠪᠤᠯ ᠠᠭᠤᠴᠢᠯᠠᠯ ᠨᠢ ᠬᠠᠳᠠᠭᠤ ᠰᠢᠷᠦᠬᠦᠨ ᠵᠢᠮᠠᠯᠠᠯ᠂ ᠬᠠᠶᠢᠷ᠎ᠠ ᠨᠡᠶᠢᠷ ᠦᠬᠡᠢ ᠰᠢᠬᠦᠮᠵᠢᠯᠠᠯ ᠢᠶᠠᠷ ᠣᠷᠣᠯᠠᠭᠤᠯᠣᠬᠳᠠᠬᠤ ᠪᠤᠯᠤᠨ᠎ᠠ᠃ ᠲᠠᠷᠣᠢ ᠠᠭᠤᠴᠢᠯᠠᠯ ᠢᠶᠠᠷ ᠲᠠᠮᠵᠢᠨ ᠰᠣᠷᠭᠠᠨ ᠬᠦᠮᠣᠵᠢᠬᠦᠯᠬᠦ ᠪᠤᠯ ᠰᠦᠷᠳᠡᠬᠦᠯᠦᠯ ᠪᠢᠰᠢ ᠬᠠᠷᠢᠨ ᠶᠣᠰᠣ ᠣᠴᠢᠷ ᠢ ᠬᠦᠢᠴᠡᠳ ᠲᠣᠳᠣᠷᠬᠠᠢ ᠢᠯᠡᠷᠡᠬᠦᠯᠣᠨ ᠶᠠᠷᠢᠬᠤ ᠶᠠᠪᠤᠴᠠ ᠮᠦᠨ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号