1.ᠬᠡᠳᠦᠷᠭᠡᠢ ᠬᠠᠷᠠᠭᠠᠯᠵᠠᠯ ᠦᠵᠡᠭᠦᠯᠵᠦ ᠪᠣᠯᠬᠤ ᠦᠭᠡᠢ᠂ ᠠᠯᠢᠮ᠎ᠠ ᠵᠢᠮᠢᠰ ᠰᠢᠬᠢᠷ ᠪᠣᠣᠪᠤ ᠵᠡᠷᠭᠡ ᠶᠢᠨ ᠠᠯᠢᠪᠠ | ᠰᠠᠶᠢᠬᠠᠨ ᠢᠳᠡᠵᠦ ᠣᠣᠭᠤᠬᠤ ᠶᠠᠭᠤᠮ᠎ᠠ ᠶᠢ ᠵᠦᠪᠭᠡᠨ ᠬᠡᠦᠬᠡᠳ ᠲᠤ ᠪᠠᠨ ᠯᠠ ᠦᠭᠴᠦ᠂ ᠪᠣᠰᠣᠳ ᠬᠦᠮᠦᠨ ᠳᠤ | ᠣᠶᠢᠷᠠᠳᠣᠭᠤᠯᠬᠤ ᠦᠭᠡᠢ ᠪᠣᠯ ᠡᠳᠦᠷ ᠬᠤᠭᠤᠴᠠᠭ᠎ᠠ ᠣᠳᠠᠬᠤᠶᠠ ᠬᠡᠦᠬᠡᠳ ᠤᠨ ᠰᠡᠳᠭᠢᠯ ᠳᠤ ᠠᠯᠢᠪᠠ ᠰᠠᠶᠢᠨ | ᠰᠠᠶᠢᠬᠠᠨ ᠶᠠᠭᠤᠮ᠎ᠠ ᠪᠦᠬᠦᠨ ᠪᠦᠷ ︿ᠮᠢᠨᠣᠬᠢ﹀ ᠭᠡᠬᠦ ᠪᠣᠳᠣᠯ ᠲᠠᠢ ᠪᠣᠯᠵᠣ ᠡᠭᠦᠨ ᠤ ᠣᠯᠠᠮ ᠠᠴᠠ ᠬᠤᠪᠢᠨᠴᠢᠷ | ᠪᠣᠯᠣᠨ᠎ᠠ᠃ | 2.ᠬᠡᠳᠦᠷᠭᠡᠢ ᠬᠤᠷᠢᠭ᠎ᠠ ᠴᠡᠭᠡᠷ ᠭᠠᠷᠭᠠᠵᠣ ᠪᠣᠯᠬᠤ ᠦᠭᠡᠢ᠃ ᠬᠡᠦᠬᠡᠳ ᠢᠶᠠᠨ ᠶᠠᠮᠠᠷ ᠨᠢᠭᠡᠨ ᠬᠡᠷᠡᠭ ᠣᠴᠢᠷ | ᠭᠠᠷᠭᠠᠭᠤᠵᠠᠢ ᠭᠡᠮᠡᠨ ᠬᠡᠷᠰᠡᠦᠯᠡᠵᠦ᠂ ᠬᠡᠦᠬᠡᠳ ᠢ ᠭᠠᠳᠠᠭᠰᠢ ᠭᠠᠷᠪᠠᠴᠣ ᠪᠣᠯᠬᠤ ᠦᠭᠡᠢ᠂ ᠡᠬᠦᠨ ᠢ ᠪᠠᠷᠢᠪᠠᠴᠣ ᠪᠣᠯᠬᠤ | ᠦᠭᠡᠢ᠂ ᠲᠡᠭᠦᠨ ᠢ ᠬᠦᠳᠡᠯᠭᠡᠪᠡᠴᠦ ᠪᠣᠯᠬᠤ ᠦᠭᠡᠢ ᠭᠡᠮᠡᠨ ᠬᠤᠷᠢᠭᠯᠠᠨ ᠠᠶᠣᠯᠭᠠᠳᠠᠭ ᠠᠴᠠ ᠬᠡᠦᠬᠡᠳ ᠵᠣᠷᠢᠭ ᠵᠢᠷᠦᠬᠡ | ᠪᠠᠭ᠎ᠠ᠂ ᠶᠠᠭᠤᠮ᠎ᠠ ᠪᠣᠯᠭᠠᠨ ᠠᠴᠠ ᠠᠶᠣᠬᠤ᠂ ᠨᠣᠮᠣᠢ ᠲᠣᠷᠣᠢ ᠵᠠᠩ ᠲᠠᠢ ᠪᠣᠯᠬᠤ ᠪᠠ ᠭᠠᠳᠠᠭᠠᠳᠣ ᠣᠷᠴᠢᠨ ᠠᠴᠠ | ᠲᠣᠰᠠᠭᠠᠷᠯᠠᠭᠰᠠᠨ ᠤ ᠣᠯᠠᠮ ᠢᠶᠠᠷ ᠵᠣᠵᠢᠭ᠂ ᠣᠯᠠᠨ ᠲᠠᠢ ᠨᠡᠶᠢᠯᠡᠬᠦ ᠦᠭᠡᠢ ᠡᠳᠡᠭᠡᠳ ᠵᠦᠷᠢᠭᠦᠦ ᠵᠠᠩ ᠲᠠᠢ ᠪᠣᠯᠳᠠᠭ | ᠪᠠᠶᠢᠨ᠎ᠠ᠃ | 3.ᠬᠦᠰᠡᠯ ᠢ ᠨᠢ ᠭᠡᠳᠦᠷᠭᠡᠢ ᠬᠠᠩᠭᠠᠵᠣ ᠪᠣᠯᠬᠤ ᠦᠭᠡᠢ᠃ ᠬᠡᠦᠬᠡᠳ ᠣᠬᠢᠯᠠᠵᠣ ᠪᠠᠷᠬᠢᠷᠠᠬᠤ ᠪᠣᠶᠣ | ᠯᠠᠶᠢᠮᠣᠣᠷᠳᠠᠬᠤ ᠦᠶ᠎ᠡ ᠳᠤ ᠰᠠᠨᠠᠭᠰᠠᠨ ᠬᠦᠰᠡᠯ ᠢ ᠨᠢ ᠰᠠᠨᠠᠭ᠎ᠠ ᠪᠠᠷ ᠨᠢ ᠬᠠᠩᠭᠠᠵᠣ ᠦᠭᠪᠡᠯ ᠭᠡᠷ ᠤᠨ ᠲᠠᠷᠬᠠᠨ ᠸᠠᠩ | ᠰᠠᠭᠤᠵᠣ ᠬᠦᠨᠳᠡᠯᠡᠨ ᠭᠤᠯᠳᠣ᠂ ᠶᠣᠰᠣ ᠨᠣᠮ ᠦᠭᠡᠢ ᠪᠣᠯᠳᠠᠭ᠃ | 4.ᠬᠡᠵᠢᠶᠡᠳᠡ ᠬᠡᠦᠬᠡᠳ ᠢ ᠣᠷᠣᠯᠠᠨ ᠬᠡᠷᠡᠭ ᠣᠴᠢᠷ ᠢ ᠬᠦᠢᠴᠡᠳᠭᠡᠵᠦ ᠪᠣᠯᠬᠤ ᠦᠭᠡᠢ᠃ ᠵᠠᠷᠢᠮ ᠡᠴᠢᠭᠡ ᠡᠭᠡ | ᠪᠣᠯᠣᠭᠰᠠᠳ ᠬᠡᠦᠬᠡᠳ ᠨᠢ ᠪᠠᠭ᠎ᠠ ᠯᠠ ᠵᠣᠪᠠᠵᠣ ᠵᠦᠳᠡᠬᠦ ᠪᠣᠶᠣ ᠬᠦᠴᠢᠷ ᠪᠡᠷᠭᠡ ᠲᠣᠯᠭᠠᠷᠠᠮᠠᠭᠴᠠ᠂ ᠲᠡᠳᠡᠨ ᠢ ᠣᠷᠣᠯᠠᠨ | ᠭᠡᠷᠡᠭ ᠶᠠᠪᠣᠳᠠᠯ ᠢ ᠨᠢ ᠭᠦᠢᠴᠡᠳᠭᠡᠵᠦ ᠦᠭᠳᠡᠭ᠃ ᠡᠶᠢᠨᠬᠦ ᠡᠳᠦᠷ ᠣᠳᠠᠬᠤ ᠳᠤ ᠬᠡᠦᠬᠡᠳ ᠬᠦᠴᠢᠷ ᠵᠣᠪᠠᠭᠤᠷᠢ ᠠᠴᠠ | ᠠᠶᠣᠨ ᠠᠵᠢᠯ ᠠᠴᠠ ᠵᠠᠶᠢᠯᠠᠳᠠᠭ ᠠᠯᠵᠠᠭᠤ ᠵᠠᠯᠬᠠᠭᠤ ᠣᠪᠣᠷ ᠲᠠᠢ ᠪᠣᠯᠵᠣ᠂ ᠵᠣᠪᠠᠯ ᠵᠦᠳᠡᠯ ᠢ ᠭᠠᠭᠴᠠᠭᠠᠷ ᠲᠣᠭᠤᠯᠣᠨ | ᠭᠠᠷᠬᠤ ᠵᠣᠷᠢᠭ ᠰᠦᠰᠦ ᠪᠠᠨ ᠠᠯᠳᠠᠵᠣ᠂ ᠠᠵᠢᠯ ᠰᠣᠷᠣᠯᠴᠠᠯᠭ᠎ᠠ᠂ ᠠᠳᠠᠯ ᠠᠮᠢᠳᠤᠷᠠᠯ ᠶᠢᠨ ᠴᠣᠬᠢᠯᠲᠠ ᠪᠣᠶᠣ ᠨᠣᠭᠤᠷᠠᠯ | ᠪᠦᠳᠦᠷᠢᠯ ᠢ ᠲᠡᠰᠴᠦ ᠲᠡᠶᠢᠯᠬᠦ ᠦᠭᠡᠢ ᠪᠣᠯᠳᠠᠭ᠃ |