ᠭᠡᠷ ᠤᠨ ᠬᠦᠮᠦᠵᠢᠯ ᠤᠨ ᠦᠯᠢᠭᠡᠷ
ᠨᠡᠶᠢᠲᠡᠯᠡᠭᠰᠡᠨ ᠴᠠᠭ᠄
2024/4/23
     ᠲᠡᠷᠡ ᠵᠢᠯ ᠤᠨ ᠨᠠᠮᠤᠷ᠃          ᠮᠠᠨ ᠤ ᠭᠡᠷ ᠢ ᠲᠤᠭᠤᠷᠢᠭᠤᠯᠵᠤ ᠰᠠᠭᠤᠯᠭᠠᠭᠰᠠᠨ ᠤᠯᠠᠨ ᠵᠢᠮᠢᠰ ᠤᠨ ᠮᠤᠳᠤᠳ ᠠᠯᠢ ᠠᠯᠢ ᠵᠢᠯ ᠠᠴᠠ ᠢᠯᠡᠭᠦᠦ ᠵᠢᠮᠢᠰᠯᠡᠭᠰᠡᠨ ᠪᠠᠶᠢᠯ᠎ᠠ᠃    ᠬᠤᠶᠠᠷ ᠤᠳᠠᠭ᠎ᠠ ᠰᠢᠯᠭᠠᠭᠤᠯᠤᠭᠠᠳ ᠤᠶᠤᠳᠠᠨ ᠢᠶᠠᠷ ᠡᠯᠰᠡᠭᠦᠯᠵᠤ ᠴᠢᠳᠠᠭ᠎ᠠ ᠦᠭᠡᠢ ᠪᠠᠶᠢᠭᠰᠠᠨ ᠪᠢ᠂ ᠲᠡᠷᠡ ᠵᠢᠯ ᠤᠨ ᠨᠠᠮᠤᠷ᠂ ᠭᠤᠷᠪᠠᠳᠠᠬᠢ ᠵᠢᠯ ᠳᠡᠭᠡᠷ᠎ᠡ ᠪᠠᠨ ᠠᠷᠠᠢ ᠭᠡᠵᠤ ︽ᠡᠯᠰᠡᠯᠳᠡ︾ ᠶᠢᠨ ᠮᠡᠳᠡᠭᠳᠡᠯ ᠲᠤᠰᠤᠭᠰᠠᠨ ᠲᠡᠷᠡ ᠡᠳᠦᠷ ᠢ ᠮᠠᠷᠲᠠᠭ᠎ᠠ ᠦᠭᠡᠢ᠃ ᠡᠵᠢ ᠠᠪᠤ ᠪᠤᠯᠤᠨ ᠳᠡᠭᠦᠦᠨᠡᠷ ᠮᠢᠨᠢ ᠬᠡᠮᠵᠢᠶᠡᠯᠡᠰᠢ ᠦᠭᠡᠢ ᠪᠠᠶᠠᠷᠯᠠᠵᠠᠢ᠃ ᠦᠪᠡᠷ ᠤᠨ ᠪᠠᠶᠠᠷᠯᠠᠭᠰᠠᠨ ᠢᠶᠠᠨ ᠪᠢ ᠪᠠᠰᠠ ᠵᠦᠢᠷᠯᠡᠬᠦ ᠠᠷᠭ᠎ᠠ ᠦᠭᠡᠢ ᠪᠠᠶᠢᠯ᠎ᠠ᠃ ᠁ ᠭᠡᠷ ᠨᠤᠲᠤᠭ  ᠠᠴᠠ ᠪᠠᠨ ᠰᠠᠯᠵᠤ ᠮᠤᠷᠳᠠᠬᠤ ᠶᠢᠨ ᠡᠮᠦᠨ᠎ᠡ ᠡᠳᠦᠷ᠂ ᠮᠢᠨᠤ ᠪᠦᠬᠦ ᠭᠡᠷ ᠤᠨ ᠬᠦᠮᠦᠰ ᠨᠠᠮᠠᠢᠢ ᠮᠤᠷᠳᠠᠭᠤᠯᠬᠤ ᠭᠡᠵᠤ ︽ᠵᠢᠮᠢᠰ ᠤᠨ ᠳᠠᠶᠢᠯᠠᠯᠭ᠎ᠠ︾ ᠬᠢᠵᠡᠢ᠃    ᠬᠠᠰᠢᠶᠠᠨ ᠠᠴᠠ ᠲᠡᠭᠦᠭᠰᠡᠨ ᠰᠢᠨ᠎ᠡ ᠵᠢᠮᠢᠰ ᠢ ᠰᠢᠷᠡᠭᠡ ᠳᠦᠭᠦᠷᠡᠩ ᠦᠷᠡᠭᠡᠳ᠂ ᠪᠢᠳᠡ ᠪᠦᠭᠦᠳᠡᠭᠡᠷ ᠢᠶᠠᠨ ᠬᠦᠷᠢᠶᠡᠯᠡᠨ ᠰᠠᠭᠤᠭᠠᠳ᠂ ᠡᠴᠢᠭᠡ ᠡᠪᠦᠭᠡᠳ ᠤᠨ ᠦᠶ᠎ᠡ ᠠᠴᠠ ᠭᠠᠷᠤᠭ᠎ᠠ ᠦᠭᠡᠢ ︽ᠤᠶᠤᠳᠠᠨ︾ ᠤ ᠮᠢᠯᠢᠶᠠᠯᠭ᠎ᠠ ᠲᠠᠢ ᠬᠠᠯᠠᠭᠤᠨ ᠪᠠᠶᠠᠷ ᠢ ᠪᠡᠯᠭᠡᠯᠡᠵᠡᠢ᠁ ᠪᠠᠶᠠᠷ ᠤᠨ ᠪᠠᠶᠢᠳᠠᠯ — ᠨᠢᠭᠤᠷ ᠳᠦᠭᠦᠷᠡᠩ᠂ ᠭᠡᠷ ᠳᠦᠭᠦᠷᠡᠩ᠂ ᠠᠭᠠᠷ ᠤᠷᠴᠢᠨ ᠪᠦᠬᠦᠳᠡ ᠳᠦᠭᠦᠷᠡᠩ ᠁      ᠠᠪᠤ ᠮᠢᠨᠢ ᠪᠠᠭᠰᠢ ᠬᠦᠮᠦᠨ᠂ ᠦᠭᠡ ᠪᠤᠯᠭᠠᠨ ᠨᠢ ᠬᠦᠮᠦᠵᠢᠯ᠄ ᠡᠷᠳᠡᠮ ᠲᠠᠢ ᠬᠦᠮᠦᠨ ᠪᠤᠯ ᠰᠠᠯᠠᠭ᠎ᠠ ᠪᠦᠷᠢ ᠳᠤ  ᠪᠠᠨ ᠵᠢᠮᠢᠰᠯᠡᠭᠰᠡᠨ ᠮᠤᠳᠤ ᠠᠳᠠᠯᠢ᠂ ᠭᠠᠳᠠᠭᠤᠷ ᠨᠢ ᠡᠷᠭᠢᠴᠡᠬᠦ ᠬᠦᠮᠦᠨ ᠤᠯᠠᠨ᠃ ᠵᠢᠮᠢᠰ ᠦᠭᠡᠢ ᠮᠤᠳᠤᠨ ᠤ ᠳᠡᠷᠭᠡᠳᠡ ᠶᠠᠪᠤᠬᠤ ᠡᠷᠬᠢᠴᠡᠬᠦ ᠬᠦᠮᠦᠨ ᠦᠭᠡᠢ ᠶᠤᠮ᠁ ᠠᠪᠤ ᠶᠢᠨ ᠮᠢᠨᠢ ᠠᠯᠳᠠ ᠪᠠᠷ ᠦᠨᠡᠯᠡᠰᠢ ᠦᠭᠡᠢ ᠨᠠᠨᠳᠢᠨ ᠰᠤᠷᠭᠠᠯ — ᠨᠢᠭᠡ ᠨᠠᠰᠤᠨ ᠤ ᠮᠢᠨᠢ ᠵᠢᠯᠤᠭᠤ ᠶᠤᠮ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号