ᠬᠤᠯᠪᠤᠬᠤ ᠦᠰᠦᠭ ᠤᠨ ᠲᠦᠷᠢᠮ ᠨᠢ ᠰᠤᠷᠤᠭᠴᠢᠳ ᠤᠨ ᠵᠦᠪ ᠪᠢᠴᠢᠯᠭᠡ ᠳᠤ ᠴᠢᠬᠤᠯᠨ ᠰᠠᠭᠤᠷᠢ ᠪᠤᠯᠲᠠᠭ
ᠨᠡᠶᠢᠲᠡᠯᠡᠭᠰᠡᠨ ᠴᠠᠭ᠄
2024/5/6
     ᠬᠤᠯᠪᠤᠬᠤ ᠦᠰᠦᠭ ᠤᠨ ᠲᠦᠷᠢᠮ ᠨᠢ ᠮᠤᠩᠭᠤᠯ ᠬᠡᠯᠡᠨ ᠤ ᠵᠦᠪ ᠪᠢᠴᠢᠬᠦ ᠲᠦᠷᠢᠮ ᠳᠤ ᠴᠢᠬᠤᠯᠨ ᠰᠠᠭᠤᠷᠢ ᠶᠢ ᠲᠠᠯᠪᠢᠵᠤ᠂ ᠮᠤᠩᠭᠤᠯ ᠦᠰᠦᠭ ᠢ ᠵᠦᠪ ᠪᠢᠴᠢᠬᠦ ᠳᠤ ᠲᠤᠲᠠᠭᠳᠠᠵᠤ ᠪᠤᠯᠤᠰᠢ ᠦᠭᠡᠢ ᠦᠢᠯᠡᠳᠦᠯ ᠬᠡᠷᠡᠭᠴᠡᠭᠡ ᠲᠠᠢ ᠪᠠᠶᠢᠳᠠᠭ᠃ ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠬᠢᠴᠢᠶᠡᠯ ᠤᠨ ᠪᠠᠷᠢᠮᠵᠢᠶ᠎ᠠ ᠶᠢᠨ ᠰᠤᠷᠬᠤ ᠪᠢᠴᠢᠭ ︵ᠬᠡᠯᠨ ᠪᠢᠴᠢᠭ︶ ︵1—6 ᠤᠨ︶ ᠲᠤ ᠬᠤᠯᠪᠤᠬᠤ ᠦᠰᠦᠭ ᠤᠨ ᠲᠦᠷᠢᠮ ᠢ ᠲᠤᠬᠢᠷᠠᠭᠤᠯᠤᠭᠰᠠᠨ ᠦᠭᠡᠢ ᠪᠠᠶᠢᠭ᠎ᠠ᠃ ᠭᠡᠪᠡᠴᠦ ᠰᠤᠷᠬᠤ ᠪᠢᠴᠢᠭ ᠲᠤ ᠬᠤᠯᠪᠤᠬᠤ ᠦᠰᠦᠭ ᠤᠷᠤᠭᠰᠠᠨ ᠦᠭᠡᠰ ᠠᠷᠪᠢᠨ ᠲᠤᠬᠢᠶᠠᠯᠳᠤᠵᠤ᠂ ᠰᠤᠷᠤᠭᠴᠢᠳ ᠡᠳᠡᠭᠡᠷ ᠦᠰᠦᠭ ᠢ ᠪᠤᠷᠤᠭᠤ ᠪᠢᠴᠢᠬᠦ ᠦᠵᠡᠭᠳᠡᠯ ᠵᠦᠩᠳᠡᠭᠡᠨ ᠤᠷᠤᠰᠢᠵᠤ ᠪᠠᠶᠢᠨ᠎ᠠ᠃ ᠵᠢᠱᠢᠶᠡᠯᠡᠪᠡᠯ᠄ ︽ᠤᠯᠪᠠ— ᠤᠯᠤᠪᠠ᠂ ᠪᠤᠯᠪᠠ — ᠪᠤᠯᠤᠪᠠ᠂ ᠰᠤᠨᠤᠰᠪᠠ— ᠰᠤᠨᠤᠰᠤᠪᠠ᠂ ᠦᠰᠪᠡ— ᠦᠰᠦᠪᠡ᠂ ᠪᠤᠯᠵᠠᠢ— ᠪᠤᠯᠤᠵᠠᠢ᠂ ᠪᠤᠰᠴᠠᠢ— ᠪᠤᠰᠤᠵᠠᠢ ︵ᠪᠤᠰᠤᠴᠠᠢ︶︾ ᠭᠡᠬᠦ ᠮᠡᠳᠦ ᠪᠠᠷ ᠪᠤᠷᠤᠭᠤ ᠪᠢᠴᠢᠭᠡᠳ ᠯᠡ ᠭᠡᠮ ᠦᠭᠡᠢ ᠰᠠᠭᠤᠵᠤ ᠪᠠᠶᠢᠭ᠎ᠠ ᠰᠤᠷᠤᠭᠴᠢᠳ ᠤᠯᠠᠰᠢᠷᠠᠵᠤ ᠪᠠᠶᠢᠨ᠎ᠠ᠃ ᠡᠨ᠋ᠨ ᠪᠠᠶᠢᠳᠠᠯ ᠳᠤ ᠬᠠᠨᠳᠤᠭᠤᠯᠤᠨ ᠲᠤᠰ ᠬᠦᠮᠦᠨ ᠰᠤᠷᠤᠭᠴᠢᠳ ᠲᠤ ︽ᠬᠤᠯᠪᠤᠬᠤ ᠦᠰᠦᠭ ᠤᠨ ᠲᠤᠬᠠᠢ︾ ᠲᠦᠭᠦᠮ ᠰᠢᠭ ᠮᠠᠳᠡᠭᠦᠯᠬᠦ᠂ ᠲᠤᠷᠰᠢᠬᠤ᠂ ᠲᠦᠯᠦᠪᠯᠡᠭᠡ ᠪᠡᠯᠡᠳᠬᠡᠯ᠎ᠡ᠃      ᠨᠢᠭᠡ᠄ ᠬᠤᠯᠪᠤᠬᠤ ᠦᠰᠦᠭ ᠤᠨ ᠲᠦᠷᠢᠮ ᠤᠨ ᠲᠤᠬᠠᠢ ᠤᠬᠠᠭᠳᠠᠬᠤᠨ ᠡᠭᠦᠨ ᠢ ᠲᠤᠤᠷᠠᠬᠢ ᠬᠤᠶᠠᠷ ᠵᠢᠱᠢᠶ᠎ᠡ ᠪᠠᠷ ᠠᠳᠠᠯᠢᠳᠬᠠᠯ ᠬᠢᠵᠤ᠂ ᠦᠵᠡᠭᠦᠯᠦᠨ ᠲᠠᠨᠢᠭᠤᠯᠵᠤ  ᠪᠤᠯᠤᠨ᠎ᠠ᠃      ᠰᠤᠨᠤᠰ + ‍ᠨ᠎ᠠ — ᠰᠤᠨᠤᠰᠤᠨ᠎ᠠ             + ‍ᠯ᠎ᠡ — ᠰᠤᠨᠤᠰᠤᠯ᠎ᠠ             + ‍ᠬᠤ — ᠰᠤᠨᠤᠰᠬᠤ             + ᠳ᠋ᠠᠭ — ᠰᠤᠨᠤᠰᠲᠠᠭ      ᠰᠤᠷ   + ‍ᠨ᠎ᠠ — ᠰᠤᠷᠤᠨ᠎ᠠ             + ‍ᠯ᠎ᠡ — ᠰᠤᠷᠤᠯ᠎ᠠ             + ‍ᠬᠤ  — ᠰᠤᠷᠬᠤ             + ᠳ᠋ᠠᠭ — ᠰᠤᠷᠳᠠᠭ      ᠲᠤᠰ ᠬᠤᠶᠠᠷ ᠵᠢᠱᠢᠶᠡᠨ ᠠᠴᠠ ︽ᠰᠤᠨᠤᠰ᠂ ᠰᠤᠷ︾ ᠬᠡᠰᠡᠨ ᠦᠢᠯᠨ ᠦᠭᠡᠨ ︵ᠨᠢᠭᠡᠨᠲᠡ ᠰᠤᠷᠴᠠᠢ︶ ᠳᠤ ︽‍ᠬᠤ᠂ ᠳ᠋ᠠᠭ︾ ᠡᠬᠢᠲᠠᠢ ᠲᠠᠭᠠᠪᠤᠷᠢ ᠶᠢ ᠰᠢᠭᠤᠳ ᠵᠠᠯᠭᠠᠬᠤ ᠳᠤ ︽‍ᠤ᠊︾ ᠡᠭᠡᠰᠢᠭ ᠠᠪᠤᠭᠰᠠᠨ ᠦᠭᠡᠢ᠂ ᠬᠠᠷᠢᠨ ︽‍ᠨ᠎ᠠ᠂ ‍ᠯ᠎ᠡ︾ ᠲᠠᠭᠠᠪᠤᠷᠢ ᠶᠢ ᠰᠢᠭᠤᠳ ᠵᠠᠯᠭᠠᠬᠤ ᠳᠤ ᠬᠤᠭᠤᠷᠤᠨᠲᠤ ᠨᠢ ︽‍ᠤ᠊︾ ᠡᠭᠡᠰᠢᠭ ᠠᠪᠴᠠᠢ᠃ ᠡᠭᠦᠨ ᠢᠶᠠᠷ ᠲᠠᠮᠵᠢᠭᠤᠯᠵᠤ ᠦᠢᠯᠨ ᠦᠭᠡᠨ ᠳᠤ ᠲᠠᠭᠠᠪᠤᠷᠢ ᠵᠠᠯᠭᠠᠬᠤ ᠳᠤ ᠬᠤᠭᠤᠷᠤᠨᠳᠤ ᠨᠢ ᠶᠠᠮᠠᠷ ᠪᠠᠶᠢᠳᠠᠯ ᠳᠤ ᠡᠭᠡᠰᠢᠭ ︽‍ᠤ᠊︾ ᠠᠪᠬᠤ᠂ ᠶᠠᠮᠠᠷ ᠪᠠᠶᠢᠳᠠᠯ ᠳᠤ ᠡᠭᠡᠰᠢᠭ ︽‍ᠤ᠊︾ ᠠᠪᠬᠤ ᠦᠭᠡᠢ ᠶᠤᠰᠤ ᠶᠢ ᠲᠤᠭᠲᠠᠭᠠᠵᠤ ᠦᠭᠳᠡᠭ ᠲᠦᠷᠢᠮ ᠢ ᠬᠤᠯᠪᠤᠬᠤ ᠦᠰᠦᠭ ᠤᠨ ᠲᠦᠷᠢᠮ ᠬᠡᠳᠡᠭ ᠢ ᠤᠶᠢᠯᠠᠭᠠᠭᠤᠯᠪᠠᠯ ᠵᠤᠬᠢᠨ᠎ᠠ᠃      ᠬᠤᠶᠠᠷ᠄ ᠬᠤᠪᠢᠯᠤᠭᠴᠢ ᠵᠢᠷᠭᠤᠭᠠᠨ ᠦᠰᠦᠭ᠂ ᠬᠤᠪᠢᠯᠭᠠᠭᠴᠢ ᠨᠠᠢᠮᠠᠨ ᠦᠰᠦᠭ᠂ ᠡᠰᠡ ᠬᠤᠪᠢᠯᠭᠠᠭᠴᠢ ᠨᠠᠢᠮᠠᠨ ᠦᠰᠦᠭ ᠢ ᠲᠠᠨᠢᠭᠤᠯᠵᠤ᠂ ᠴᠡᠭᠡᠵᠢᠯᠡᠭᠦᠯᠦᠨ ᠡᠵᠡᠮᠰᠢᠭᠦᠯᠦᠨ᠎ᠡ᠃ ᠬᠤᠪᠢᠯᠤᠭᠴᠢ ᠵᠢᠷᠭᠤᠭᠠᠨ ᠦᠰᠦᠭ᠄ ︽‍ᠨ᠂ ‍ᠪ᠂ ᠤᠨ᠂ ‍ᠷ᠂ ‍ᠰ᠂ ‍ᠯ︾᠂ ᠬᠤᠪᠢᠯᠭᠠᠭᠴᠢ ᠨᠠᠢᠮᠠᠨ ᠦᠰᠦᠭ᠄ ︽ᠨ᠊᠂ ‍ᠭ᠊ ︵ᠭ᠊︶᠂ ᠶ᠊᠂ ᠮ᠊᠂ ᠷ᠊᠂ ᠱ᠊᠂ ‍ᠯ︾ ᠪᠠ ᠤᠷᠲᠤᠳᠬᠠᠯ ᠦᠶ᠎ᠡ ︽‍ᠭᠠ᠊ ︵ᠭᠡ᠊︶᠂ ‍ᠭᠤ᠋᠂ ᠬᠦ︾᠂ ᠡᠰᠡ ᠬᠤᠪᠢᠯᠭᠠᠭᠴᠢ᠄ ︽ᠪ᠊᠂ ‍ᠭ᠊ ︵ᠭ᠊︶᠂ ᠵ᠊᠂᠂ᠳ᠋᠊ ︵t︶᠂ ᠳ᠋᠊ ︵d︶᠂ ᠴ᠊᠂ ᠰ᠊︾ ᠪᠠ ᠤᠷᠲᠤᠳᠬᠠᠯ ᠪᠢᠰᠢ ᠦᠶ᠎ᠡ ︽‍ᠭᠠ᠊ ︵ᠭᠡ᠊︶︾᠃      ᠭᠤᠷᠪᠠ᠄ ᠬᠤᠪᠢᠯᠤᠭᠴᠢ ᠦᠰᠦᠭ ᠢᠶᠠᠷ ᠲᠡᠭᠦᠰᠦᠭᠰᠡᠨ ᠦᠢᠯᠨ ᠦᠭᠡ ᠶᠢ ᠪᠠᠭᠰᠢ ᠰᠤᠷᠤᠭᠴᠢ ᠬᠠᠮᠲᠤ ᠪᠠᠷ ᠡᠷᠢᠵᠦ᠂ ᠶᠠᠷᠢᠯᠴᠠᠨ᠂ ᠰᠠᠮᠪᠠᠷᠯᠠᠭ᠎ᠠ ᠬᠢᠵᠦ᠂ ᠬᠤᠷᠰᠢᠨ ᠰᠤᠷᠤᠯᠴᠠᠨ᠎ᠠ᠃ ᠰᠤᠷ᠂ ᠬᠦᠷ᠂ ᠭᠠᠷ᠂ ᠤᠯ᠂ ᠪᠤᠴᠠᠯ᠂ ᠪᠤᠯ᠂ ᠦᠰ᠂ ᠨᠢᠰ᠂ ᠰᠤᠳᠤᠯ᠂ ᠰᠤᠨᠤᠰ᠂ ᠬᠦᠳᠦᠯ᠂ ᠲᠠᠳ᠂ ᠠᠪ᠂ ᠰᠤᠨ᠁      ᠳᠦᠷᠪᠡ᠄ ᠬᠤᠪᠢᠯᠭᠠᠭᠴᠢ᠂ ᠡᠰᠡ ᠬᠤᠪᠢᠯᠭᠠᠭᠴᠢ ᠨᠠᠢᠮᠠᠨ ᠦᠰᠦᠭ ᠢᠶᠠᠷ ᠡᠬᠢᠯᠡᠭᠰᠡᠨ ᠲᠠᠭᠠᠪᠤᠷᠢ ᠶᠢ ᠲᠡᠭᠦᠨ᠂ ᠤᠩᠰᠢᠯᠭ᠎ᠠ ᠬᠢᠵᠤ᠂ ᠢᠯᠭᠠᠭ᠎ᠠ ᠵᠦᠷᠢᠶ᠎ᠡ ᠶᠢ ᠨᠢ ᠲᠤᠳᠤᠯᠠᠵᠤ᠂ ᠬᠤᠷᠠᠮᠳᠤᠭᠤᠯᠤᠯ ᠬᠢᠨ᠎ᠡ᠃ ᠬᠤᠪᠢᠯᠭᠠᠭᠴᠢ ᠨᠠᠢᠮᠠᠨ ᠦᠰᠦᠭ ᠢᠶᠠᠷ ᠡᠬᠢᠯᠡᠭᠰᠡᠨ ᠲᠠᠭᠠᠪᠤᠷᠢ᠄ ‍ᠨ᠎ᠠ᠂ ‍ᠯ᠎ᠡ᠂ ‍ᠭᠰᠠᠨ︵ᠭᠰᠡᠨ︶᠂ ‍ᠶ᠎ᠡ᠂ ‍ᠮᠠᠭᠴᠠ︵‍ᠮᠡᠭᠴᠡ︶᠂ ᠰᠢ᠂ ‍ᠶ᠎ᠡ᠂ ‍ᠷ᠎ᠡ᠂ ‍ᠭᠠᠷᠠᠢ ᠭᠡᠷᠠᠢ ︵‍ᠭᠠᠰᠠᠢ ᠭᠡᠰᠠᠢ︶ ᠡᠰᠡ ᠬᠤᠪᠢᠯᠭᠠᠭᠴᠢ ᠨᠠᠢᠮᠠᠨ ᠦᠰᠦᠭ ᠢᠶᠠᠷ ᠡᠬᠢᠯᠡᠭᠰᠡᠨ ᠲᠠᠭᠠᠪᠤᠷᠢ᠄ ᠪᠡ᠂ ‍ᠬᠤ ︵ᠬᠦ︶ ᠳ᠋ᠠᠭ ︵ᠳ᠋ᠡᠭ︶᠂ ᠳ᠋ᠡᠯ᠎ᠡ᠂ ‍ᠵᠤ᠂ ᠴᠤ ︵ᠴᠠᠢ︶᠂ ᠰᠤᠭᠠᠢ ︵ᠰᠦ᠋ᠭᠡᠢ︶᠂ ‍ᠭ᠎ᠠ᠃      ᠲᠠᠪᠤ᠄ ᠬᠤᠪᠢᠯᠤᠭᠴᠢ ᠵᠢᠷᠭᠤᠭᠠᠨ ᠦᠰᠦᠭ ᠢᠶᠠᠷ ᠲᠡᠭᠦᠰᠦᠭᠰᠡᠨ ᠦᠢᠯᠨ ᠦᠭᠡᠨ ᠳᠤ ᠬᠤᠪᠢᠯᠭᠠᠭᠴᠢ ᠨᠠᠢᠮᠠᠨ ᠪᠠ ᠡᠰᠡ ᠬᠤᠪᠢᠯᠭᠠᠭᠴᠢ ᠨᠠᠢᠮᠠᠨ ᠦᠰᠦᠭ ᠢᠶᠠᠷ ᠡᠬᠢᠯᠡᠭᠰᠡᠨ ᠲᠠᠭᠠᠪᠤᠷᠢ ᠶᠢ ᠵᠠᠯᠭᠠᠬᠤ ᠪᠤᠯᠪᠠᠰᠤᠷᠠᠯ ᠢ ᠰᠢᠨ᠎ᠡ ᠬᠢᠴᠢᠶᠡᠯ ᠰᠤᠷᠬᠤ ᠶᠠᠪᠤᠴᠠ ᠳᠤ ᠪᠠᠨ ᠤᠯᠠᠨᠲᠠ ᠬᠢᠵᠤ᠂ ᠬᠤᠯᠪᠤᠬᠤ ᠦᠰᠦᠭ ︽‍ᠤ᠊︾ ᠠᠪᠬᠤ ᠪᠠ ᠠᠪᠬᠤ ᠦᠭᠡᠢ ᠶᠤᠰᠤ ᠶᠢ ᠦᠢᠯᠡᠳᠦᠯᠭᠡ ᠲᠤᠮᠲᠠ ᠤᠯᠠᠮ ᠨᠢᠭᠡ ᠠᠯᠬᠤᠮ ᠪᠠᠳᠤᠳᠬᠠᠯᠲᠠ ᠬᠢᠵᠤ ᠭᠦᠨᠵᠡᠭᠡᠶᠢᠷᠡᠭᠦᠯᠦᠨ᠎ᠡ᠃ ᠡᠭᠦᠨ ᠢᠶᠠᠷ ᠲᠠᠮᠵᠢᠨ ᠬᠤᠯᠪᠤᠬᠤ ᠦᠰᠦᠭ ᠤᠨ ᠤᠬᠠᠭᠳᠠᠬᠤᠨ ᠢ ᠨᠡᠩ ᠠᠮᠢᠳᠤᠯᠢᠭ ᠤᠶᠢᠯᠠᠭᠠᠭᠤᠯᠤᠨ᠎ᠠ᠃ ᠵᠢᠱᠢᠶᠡᠯᠡᠪᠡᠯ᠄      ᠪᠤᠯ  + ‍ᠨ᠎ᠠ— ᠪᠤᠯᠤᠨ᠎ᠠ           + ‍ᠯ᠎ᠡ— ᠪᠤᠯᠤᠯ᠎ᠠ           + ‍ᠭᠰᠠᠨ ︵ᠭᠰᠡᠨ︶— ᠪᠤᠯᠤᠭᠰᠠᠨ           + ‍ᠮᠠᠭᠴᠠ ︵‍ᠮᠡᠭᠴᠡ︶— ᠪᠤᠯᠤᠮᠠᠭᠴᠠ           + ‍ᠶ᠎ᠡ— ᠪᠤᠯᠤᠶ᠎ᠠ           + ‍ᠭᠠᠷᠠᠢ ︵ᠭᠡᠷᠠᠢ︶— ᠪᠤᠯᠤᠭᠠᠷᠠᠢ           + ᠰᠢ— ᠪᠤᠯᠤᠰᠢ      ᠦᠰ + ‍ᠨ᠎ᠠ— ᠦᠰᠦᠨ᠎ᠡ            + ‍ᠯ᠎ᠡ— ᠦᠰᠦᠯ᠎ᠡ            + ︵‍ᠭᠰᠠᠨ︶ ᠭᠰᠡᠨ— ᠦᠰᠦᠭᠰᠡᠨ            + ‍ᠶ᠎ᠡ — ᠦᠰᠦᠶ᠎ᠡ            + ︵‍ᠮᠠᠭᠴᠠ︶  ‍ᠮᠡᠭᠴᠡ— ᠦᠰᠦᠮᠡᠭᠴᠡ            + ︵‍ᠭᠠᠷᠠᠢ︶ ᠭᠡᠷᠠᠢ— ᠦᠰᠦᠭᠡᠷᠠᠢ      ᠤᠯ  + ᠪᠡ— ᠤᠯᠪᠠ            + ‍ᠬᠤ ︵ᠬᠦ︶— ᠤᠯᠬᠤ            + ‍ᠵᠤ— ᠤᠯᠵᠤ            + ᠳ᠋ᠠᠭ ︵ᠳ᠋ᠡᠭ︶— ᠤᠯᠳᠠᠭ            + ᠳ᠋ᠠᠯ᠎ᠠ— ᠤᠯᠲᠠᠯ᠎ᠠ            + ‍ᠵᠠᠢ— ᠤᠯᠵᠠᠢ      ᠨᠢᠰ + ᠪᠡ— ᠨᠢᠰᠪᠡ           + ︵‍ᠬᠤ︶ ᠬᠦ— ᠨᠢᠰᠬᠦ           + ︵ᠳ᠋ᠠᠭ︶ ᠳ᠋ᠡᠭ— ᠨᠢᠰᠳᠡᠭ           + ᠴᠤ— ᠨᠢᠰᠴᠤ           + ᠴᠠᠢ— ᠨᠢᠰᠴᠠᠢ           + ᠳ᠋ᠡᠯ᠎ᠡ— ᠨᠢᠰᠲᠡᠯ᠎ᠡ           + ︵‍ᠭᠠᠷᠠᠢ︶ ᠭᠡᠷᠠᠢ— ᠨᠢᠰᠦᠭᠡᠷᠠᠢ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号