1.ᠠᠮᠢᠳᠤᠷᠠᠬᠤᠢ ᠶᠢᠨ ᠤᠬᠠᠭᠠᠨ | ᠮᠣᠩᠭᠤᠯ ᠠᠷᠠᠳ ᠤᠨ ᠭᠦᠨ ᠤᠬᠠᠭᠠᠨ ᠤ ᠰᠡᠳᠬᠢᠯᠭᠡᠨ ᠤ ᠠᠩᠬᠠᠳᠠᠭᠴᠢ ᠨᠢ ︽ᠠᠮᠢᠳᠤᠷᠠᠬᠤᠢ ᠶᠢᠨ | ᠤᠬᠠᠭᠠᠨ︾ ᠶᠤᠮ᠃ ᠮᠠᠯ ᠮᠠᠯᠯᠠᠬᠤ᠂ ᠮᠥᠨ ᠳᠦᠷᠪᠡᠨ ᠤᠯᠠᠷᠢᠯ ᠳᠤ ᠨᠡᠭᠦᠳᠡᠯᠯᠡᠨ ᠠᠵᠤ ᠲᠥᠷᠥᠵᠦ ᠢᠷᠡᠭᠰᠡᠨ ᠨᠢ | ᠮᠠᠯᠴᠢᠨ ᠨᠡᠭᠦᠳᠡᠯᠴᠢᠨ ᠬᠥᠮᠥᠰ ᠤᠨ ᠣᠶᠣᠨ ᠰᠠᠨᠠᠭᠠᠨ ᠳᠤ ᠠᠮᠢᠳᠤᠷᠠᠬᠤ ᠶᠢᠨ ᠠᠷᠭ᠎ᠠ ᠤᠬᠠᠭᠠᠨ ᠢ ᠪᠦᠷᠢᠳᠦᠭᠦᠯᠵᠡᠢ᠃ | ︽ᠠᠮᠢᠳᠤᠷᠠᠯ ᠪᠣᠯ ᠠᠯᠠᠭ ᠪᠤᠯᠠᠭ ᠲᠠᠢ ᠪᠣᠯᠬᠤ︾ ︽ᠠᠮᠢᠳᠤᠷᠠᠯ ᠪᠣᠯ ᠲᠡᠮᠡᠴᠡᠯ ᠶᠤᠮ︾ ᠭᠡᠰᠡᠨ ᠰᠡᠳᠬᠢᠯᠭᠡᠨ ᠳᠤ | ᠬᠦᠷᠭᠡᠵᠡᠢ᠃ ᠲᠡᠦᠬᠡᠨ ᠤᠯᠠᠮᠵᠢᠯᠠᠯ ᠠᠴᠠ ᠦᠵᠡᠬᠦ ᠳᠤ ᠮᠣᠩᠭᠤᠯ ᠬᠥᠮᠥᠨ ᠠᠮᠢᠳᠤᠷᠠᠬᠤᠢ ᠶᠢᠨ ᠤᠬᠠᠭᠠᠨ ᠢ ᠪᠦᠲᠦᠭᠡᠬᠦ | ᠳᠡᠭᠡᠨ ᠶᠠᠭᠤᠨ ᠤ ᠲᠦᠷᠦᠭᠦᠨ ᠪᠠᠶᠢᠭᠠᠯᠢ ᠶᠠᠭᠤᠮᠠᠰ ᠢ ᠲᠠᠨᠢᠨ ᠮᠡᠳᠡᠬᠦ ᠲᠤᠷᠰᠢᠯᠭ᠎ᠠ ᠪᠠᠷ ᠡᠬᠢ ᠰᠤᠷᠪᠤᠯᠵᠢ ᠪᠣᠯᠭᠠᠭᠰᠠᠨ | ᠪᠠᠶᠢᠨ᠎ᠠ᠃ ︽ᠰᠢᠭᠤᠷᠭ᠎ᠠ ᠶᠡᠬᠡᠳᠡᠪᠡᠯ ᠵᠤᠳ᠂ ᠰᠢᠨᠤᠯ ᠶᠡᠬᠡᠳᠡᠪᠡᠯ ᠱᠤᠯᠤᠮ ᠪᠣᠯᠣᠨ᠎ᠠ︾ ᠭᠡᠵᠤ ᠪᠠᠶᠢᠭᠠᠯᠢ ᠶᠢᠷᠲᠢᠨᠴᠦ | ᠶᠢᠨ ᠦᠵᠡᠭᠳᠡᠯ ᠢ ᠣᠯᠠᠨ ᠵᠢᠯ ᠤᠨ ᠲᠤᠷᠰᠢᠯᠭ᠎ᠠ ᠪᠠᠷ ᠲᠠᠨᠢᠨ ᠮᠡᠳᠡᠵᠦ ᠪᠠᠶᠢᠪᠠ᠃ ᠮᠣᠩᠭᠤᠯ ᠬᠥᠮᠥᠨ ᠤ ᠰᠡᠳᠬᠢᠯ ᠳᠤ | ᠪᠣᠳᠠᠲᠤ ᠪᠠᠶᠢᠳᠠᠯ ᠢᠶᠠᠨ ᠣᠯᠣᠭᠰᠠᠨ ᠲᠠᠨᠢᠨ ᠮᠡᠳᠡᠬᠦᠢ ᠶᠢᠨ ᠨᠢᠭᠡ ᠦᠷ᠎ᠡ ᠳ᠋ᠦᠩ ᠨᠢ ︽ᠲᠠᠪᠤᠨ ᠬᠤᠰᠢᠭᠤ ᠮᠠᠯ︾ ᠤᠨ | ᠲᠥᠯᠥᠪ ᠲᠥᠷᠬᠦ ᠠᠮᠢᠳᠤᠷᠠᠯ ᠤᠨ ᠬᠡᠷᠡᠭᠴᠡᠭᠡ ᠶᠢ ᠬᠠᠩᠭᠠᠬᠤ ᠣᠨᠴᠠᠯᠢᠭ ᠢ ᠣᠯᠵᠤ ᠮᠡᠳᠡᠭᠰᠡᠨ ᠶᠠᠪᠤᠳᠠᠯ ᠶᠤᠮ᠃ | ᠮᠣᠷᠢ ᠮᠣᠯᠣᠷ ᠡᠷᠳᠡᠨᠢ᠂ ᠲᠡᠮᠡᠭᠡ ᠳᠡᠯᠭᠡᠷ ᠡᠷᠳᠡᠨᠢ᠂ ᠬᠤᠨᠢ ᠬᠤᠭᠤᠯᠠ ᠡᠷᠳᠡᠨᠢ᠂ ᠦᠬᠡᠷ ᠥᠷᠥᠮ᠎ᠡ ᠡᠷᠳᠡᠨᠢ᠂ ᠢᠮᠠᠭ᠎ᠠ | ᠨᠣᠯᠤᠤᠷ ᠡᠷᠳᠡᠨᠢ᠂ ᠬᠥᠳᠡᠯᠮᠦᠷᠢ ᠪᠠᠷ ᠢᠶᠠᠨ ᠬᠥᠮᠥᠨ ᠠᠮᠢᠳᠤᠷᠠᠨ᠎ᠠ ᠭᠡᠳᠡᠭ ᠥᠨᠥ ᠶᠢᠨ ᠣᠶᠢᠯᠠᠭᠠᠯᠲᠠ ᠶᠢ ᠮᠠᠨ ᠤ | ᠳᠡᠭᠡᠷ᠎ᠡ ᠦᠶ᠎ᠡ ᠶᠢᠨ ᠬᠢᠨ ᠠᠵᠤ ᠲᠥᠷᠥᠬᠦ᠂ ᠠᠮᠢ ᠵᠢᠭᠤᠬᠤ ᠭᠡᠵᠤ ᠬᠡᠯᠡᠳᠡᠭ᠃ | 2.ᠰᠤᠷᠭᠠᠨ ᠵᠢᠭᠠᠬᠤᠢ ᠶᠢᠨ ᠤᠬᠠᠭᠠᠨ | ᠮᠣᠩᠭᠤᠯ ᠬᠥᠮᠥᠨ ᠤ ᠣᠶᠣᠨ ᠤ ᠰᠡᠳᠬᠢᠯᠭᠡᠨ ᠤ ᠨᠢᠭᠡ ᠪᠣᠯ ᠰᠤᠷᠭᠠᠨ ᠬᠥᠮᠥᠵᠢᠭᠦᠯᠬᠦ ᠤᠬᠠᠭᠠᠨ ᠶᠤᠮ᠃ | ᠡᠭᠦᠨ ᠢ ᠠᠷᠠᠳ ᠤᠨ ᠶᠠᠷᠢᠶᠠᠨ ᠤ ᠲᠣᠮᠢᠶᠠᠯᠠᠯ ᠢᠶᠠᠷ ︽ᠪᠡᠶ᠎ᠡ ᠶᠢ ᠵᠠᠰᠠᠬᠤ︾ ᠤᠬᠠᠭᠠᠨ ᠭᠡᠨ᠎ᠡ᠃ ︽ᠪᠡᠶ᠎ᠡ ᠪᠣᠭᠤᠯ᠂ | ᠭᠡᠳᠡᠰᠦ ᠨᠣᠶᠠᠨ︾ ᠭᠡᠵᠤ ᠦᠵᠡᠳᠡᠭ ᠤᠴᠢᠷ ᠨᠢ ᠬᠥᠮᠥᠨ ᠪᠣᠯ ᠪᠡᠶ᠎ᠡ ᠪᠠᠷ ᠢᠶᠠᠨ ᠠᠵᠢᠯ ᠦᠢᠯᠡ ᠬᠢᠵᠦ᠂ ᠠᠵᠤ | ᠲᠥᠷᠥᠵᠦ ᠠᠮᠢᠳᠤᠷᠠᠭᠰᠠᠨ ᠢᠶᠠᠷ ᠢᠶᠠᠨ ︽ᠭᠡᠳᠡᠰᠦ︾ ᠪᠠᠨ ᠲᠡᠵᠢᠭᠡᠵᠦ ᠴᠢᠳᠠᠬᠤ ᠶᠢ ᠬᠡᠯᠡᠵᠡᠢ᠃ ᠨᠡᠶᠢᠭᠡᠮ ᠤᠨ ᠤᠬᠠᠭᠠᠨ | ᠤ ᠣᠶᠢᠯᠠᠭᠠᠯᠲᠠ ᠪᠠᠷ ᠬᠡᠯᠡᠪᠡᠯ ᠬᠥᠮᠥᠨ ᠬᠥᠳᠡᠯᠮᠦᠷᠢ ᠪᠠᠷ᠂ ᠮᠣᠩᠭᠤᠯ ᠠᠷᠠᠳ ᠤᠨ ᠰᠤᠷᠭᠠᠨ ᠬᠥᠮᠥᠵᠢᠭᠦᠯᠬᠦ ᠤᠬᠠᠭᠠᠨ | ᠪᠣᠯ ᠬᠥᠮᠥᠨ ᠢᠶᠠᠷ ᠬᠥᠮᠥᠨ ᠬᠢᠵᠦ ᠲᠡᠳᠡᠨ ᠢ ᠠᠵᠢᠯᠴᠢ ᠬᠥᠳᠡᠯᠮᠦᠷᠢᠴᠢ ᠪᠣᠯᠭᠠᠬᠤ ᠦᠵᠡᠯ ᠰᠠᠨᠠᠭᠠᠨ ᠳᠤ | ᠴᠢᠭᠯᠡᠭᠦᠯᠵᠡᠢ᠃ ︽ᠬᠥᠮᠥᠨ ᠪᠣᠯᠬᠤ ᠪᠠᠭ᠎ᠠ ᠠᠴᠠ ᠪᠠᠨ᠂ ᠬᠥᠯᠥᠭ ᠪᠣᠯᠬᠤ ᠤᠨᠠᠭᠠᠨ ᠠᠴᠠ ᠪᠠᠨ︾ ᠭᠡᠳᠡᠭ ᠵᠦᠢᠷ ᠦᠭᠡ | ᠶᠢᠨ ᠣᠶᠢᠯᠠᠭᠠᠯᠲᠠ ᠪᠠᠷ ᠬᠥᠮᠥᠨ ᠢᠶᠠᠷ ᠬᠥᠮᠥᠨ ᠬᠢᠭᠡᠳ ᠬᠡᠦᠬᠡᠳ ᠠᠬᠤᠢ ᠨᠠᠰᠤᠨ ᠠᠴᠠ ᠨᠢ ᠡᠬᠢᠯᠡᠵᠦ ᠵᠢᠩᠬᠢᠨᠢ | ᠬᠥᠮᠥᠨ ᠪᠣᠯᠭᠠᠬᠤ ᠬᠥᠮᠥᠵᠢᠯ ᠢ ᠣᠯᠭᠤᠬᠤ ᠶᠢ ᠡᠷᠬᠢᠮᠯᠡᠨ᠎ᠡ᠃ ᠪᠡᠶ᠎ᠡ ᠶᠢ ᠵᠠᠰᠠᠬᠤ ᠤᠬᠠᠭᠠᠨ ᠪᠣᠯ ᠠᠷᠠᠳ ᠤᠨ | ᠰᠤᠷᠭᠠᠨ ᠬᠥᠮᠥᠵᠢᠭᠦᠯᠬᠦ ᠤᠬᠠᠭᠠᠨ ᠤ ᠬᠠᠮᠤᠭ ᠤᠨ ᠥᠷᠭᠡᠨ ᠪᠥᠭᠡᠳ ᠣᠯᠠᠨ ᠲᠠᠯ᠎ᠠ ᠲᠠᠢ ᠣᠶᠢᠯᠠᠭᠠᠯᠲᠠ ᠶᠤᠮ᠃ | ︽ᠪᠡᠶ᠎ᠡ ᠪᠠᠨ ᠵᠠᠰᠠᠭᠠᠳ ᠭᠡᠷ ᠢᠶᠠᠨ ᠵᠠᠰᠠ᠂ ᠭᠡᠷ ᠢᠶᠠᠨ ᠵᠠᠰᠠᠭᠠᠳ ᠥᠪᠡᠷ ᠢ ᠪᠠᠨ ᠵᠠᠰᠠ︾᠂ ᠡᠷᠬᠢᠮ ᠪᠠᠶᠠᠨ ᠡᠷᠳᠡᠮ ᠤᠨ | ᠤᠬᠠᠭᠠᠨ ᠪᠣᠯ ᠬᠥᠮᠥᠨ ᠠᠷᠠᠳ ᠢᠶᠠᠨ ᠡᠷᠳᠡᠮ ᠪᠣᠯᠪᠠᠰᠤᠷᠠᠯ ᠲᠠᠢ ᠪᠣᠯᠭᠠᠬᠤ ᠠᠷᠠᠳ ᠤᠨ ᠰᠤᠷᠭᠠᠨ ᠬᠥᠮᠥᠵᠢᠭᠦᠯᠬᠦ | ᠤᠬᠠᠭᠠᠨ ᠤ ᠨᠢᠭᠡ ᠣᠶᠢᠯᠠᠭᠠᠯᠲᠠ ᠶᠤᠮ᠃ ᠮᠣᠩᠭᠤᠯᠴᠤᠳ ︽ᠤᠬᠠᠭᠠᠨ ᠳᠠᠯᠠᠢ ᠨᠣᠮ ᠠᠴᠠ ᠡᠬᠢ ᠲᠠᠢ︾ ᠭᠡᠵᠤ | ᠬᠡᠯᠡᠳᠡᠭ᠃ ᠨᠣᠮ ᠨᠢ ᠠᠮᠢᠳᠤᠷᠠᠯ ᠢ ᠮᠡᠳᠡᠯᠭᠡ ᠪᠠᠷ ᠭᠡᠶᠢᠭᠦᠯᠦᠭᠴᠢ ᠭᠡᠵᠤ ᠦᠵᠡᠳᠡᠭ ᠤᠨ ᠦᠨᠳᠦᠰᠦ ᠶᠤᠮ᠃ | 3.ᠲᠡᠵᠢᠭᠡᠬᠦᠢ ᠶᠢᠨ ᠤᠬᠠᠭᠠᠨ | ᠲᠡᠵᠢᠭᠡᠬᠦᠢ ᠶᠢᠨ ᠤᠬᠠᠭᠠᠨ ᠪᠣᠯ ᠨᠡᠶᠢᠭᠡᠮ ᠳᠠᠬᠢ ᠬᠥᠮᠥᠰ ᠤᠨ ᠪᠡᠶ᠎ᠡ ᠪᠠᠨ ᠲᠡᠳᠬᠦᠬᠦ ᠰᠡᠳᠬᠢᠯᠭᠡ ᠮᠥᠨ᠃ | ᠥᠭᠡᠷ᠎ᠡ ᠪᠠᠷ ᠬᠡᠯᠡᠪᠡᠯ ᠬᠥᠮᠥᠨ ᠪᠡᠶ᠎ᠡ ᠪᠠᠨ ᠲᠡᠳᠬᠦᠵᠦ ᠣᠶᠣᠨ ᠤᠬᠠᠭᠠᠨ ᠢᠶᠠᠷ ᠢᠶᠠᠨ ᠰᠡᠳᠬᠢᠯ ᠰᠠᠨᠠᠭ᠎ᠠ ᠪᠠᠨ | ᠲᠡᠵᠢᠭᠡᠵᠦ ᠦᠵᠡᠯ ᠪᠣᠳᠣᠯ ᠢᠶᠠᠨ ᠪᠦᠷᠢᠳᠦᠭᠦᠯᠬᠦ ᠤᠬᠠᠭᠠᠨ ᠶᠤᠮ᠃ ᠲᠡᠶᠢᠮᠦ ᠤᠴᠢᠷ ᠠᠴᠠ ︽ᠲᠡᠵᠢᠭᠡᠬᠦᠢ ᠶᠢᠨ | ᠤᠬᠠᠭᠠᠨ︾ ᠨᠢ ᠵᠥᠪᠬᠡᠨ ᠠᠮᠢ ᠪᠢᠰᠢ ᠪᠡᠶ᠎ᠡ ᠰᠡᠳᠬᠢᠯ ᠢᠶᠠᠨ ᠠᠪᠴᠤ ᠶᠠᠪᠤᠬᠤ ᠥᠷᠭᠡᠨ ᠠᠭᠤᠯᠭ᠎ᠠ ᠲᠠᠢ | ᠣᠶᠢᠯᠠᠭᠠᠯᠲᠠ ᠶᠤᠮ᠃ ᠡᠭᠦᠨ ᠢ ᠪᠠᠨ ︽ᠥᠨᠢᠷ ᠬᠥᠮᠥᠨ ᠥᠪᠥᠷ ᠳᠦᠭᠦᠷᠡᠩ᠂ ᠡᠪᠡᠳᠴᠢᠨ ᠦᠭᠡᠢ ᠪᠣᠯ ᠵᠢᠷᠭᠠᠯ︾ | ᠭᠡᠳᠡᠭ᠃ | 4.ᠨᠣᠮ ᠢ ᠪᠢᠰᠢᠷᠡᠬᠦᠢ ᠶᠢᠨ ᠤᠬᠠᠭᠠᠨ | ᠮᠣᠩᠭᠤᠯᠴᠤᠳ ᠨᠣᠮ ᠢ ᠳᠡᠭᠡᠳᠦᠯᠡᠵᠦ ᠲᠡᠭᠦᠨ ᠢ ᠰᠢᠲᠦᠵᠦ ᠢᠷᠡᠭᠰᠡᠨ ᠰᠡᠳᠬᠢᠯᠭᠡᠨ ᠤ ᠳᠡᠭᠡᠳᠦ ᠶᠣᠰᠣ ᠨᠢ | ᠨᠣᠮ ᠤᠨ ᠪᠢᠰᠢᠷᠡᠬᠦ ᠤᠬᠠᠭᠠᠨ ᠶᠤᠮ᠃ ᠠᠮᠢᠲᠠᠨ ᠪᠦᠬᠦᠨ ᠢ ᠰᠣᠶᠣᠷᠬᠠᠨ ᠰᠤᠷᠭᠠᠬᠤ ᠨᠣᠮ ᠤᠨ ᠬᠦᠴᠦᠨ ᠮᠥᠩᠬᠡ | ᠭᠡᠵᠤ ᠮᠣᠩᠭᠤᠯᠴᠤᠳ ᠨᠣᠮ ᠳᠤ ᠰᠦᠰᠦᠭᠯᠡᠨ ᠪᠢᠰᠢᠷᠡᠵᠦ ᠢᠷᠡᠭᠰᠡᠨ ᠵᠠᠩᠰᠢᠯ ᠲᠠᠢ᠂ ᠨᠣᠮ ᠤᠨ ᠬᠡᠯᠬᠢᠶ᠎ᠡ ᠡᠷᠳᠡᠮ᠂ | ᠨᠣᠶᠠᠨ ᠤ ᠬᠡᠯᠬᠢᠶ᠎ᠡ ᠵᠠᠰᠠᠭ ᠭᠡᠵᠤ ᠨᠣᠮ ᠨᠢ ᠨᠢᠭᠡᠳᠦᠭᠡᠷ ᠲᠤ ᠡᠷᠳᠡᠮ ᠤᠨ ᠡᠬᠢ ᠪᠣᠯᠳᠠᠭ᠃ ︽ᠤᠰᠤᠨ ᠳᠠᠯᠠᠢ ᠪᠤᠯᠠᠭ | ᠠᠴᠠ ᠡᠬᠢ ᠲᠠᠢ᠂ ᠤᠬᠠᠭᠠᠨ ᠳᠠᠯᠠᠢ ᠨᠣᠮ ᠠᠴᠠ ᠡᠬᠢ ᠲᠠᠢ︾ ᠭᠡᠵᠤ ᠬᠤᠶᠠᠳᠤᠭᠠᠷ ᠲᠤ ᠤᠬᠠᠭᠠᠨ ᠪᠦᠬᠦᠨ ᠨᠣᠮ | ᠠᠴᠠ ᠡᠭᠦᠳᠦᠨ ᠴᠡᠴᠡᠨ ᠮᠡᠷᠭᠡᠨ ᠤ ᠡᠬᠢ ᠪᠣᠯᠳᠠᠭ᠃ ᠡᠳᠡᠭᠡᠷ ᠨᠢ ᠬᠥᠮᠥᠨ ᠤ ᠣᠶᠣᠨ ᠰᠡᠳᠬᠢᠯᠭᠡ ᠪᠣᠯᠵᠤ ᠪᠠᠶᠢᠭ᠎ᠠ | ᠪᠣᠯ ᠨᠣᠮ ᠪᠤᠶᠠᠨ ᠬᠤᠷᠢᠶᠠᠵᠤ ᠬᠥᠮᠥᠨ ᠤ ᠵᠠᠩ ᠴᠢᠨᠠᠷ ᠢ ᠨᠣᠮ ᠤᠨ ᠰᠤᠷᠭᠠᠯ ᠢᠶᠠᠷ ᠲᠥᠯᠥᠪᠰᠢᠭᠦᠯᠬᠦ ᠰᠡᠳᠬᠢᠯᠭᠡ | ᠪᠣᠯᠳᠠᠭ᠃ ᠨᠣᠮ ᠢ ᠪᠢᠰᠢᠷᠡᠬᠦ ᠤᠬᠠᠭᠠᠨ ᠤ ᠨᠢᠭᠡ ᠣᠨᠴᠠᠯᠢᠭ ᠪᠣᠯ ᠠᠮᠢᠳᠤᠷᠠᠯ ᠤᠨ ᠭᠡᠭᠡ᠂ ᠨᠣᠮ ᠦᠭᠡᠢ ᠪᠣᠯ | ᠠᠮᠢᠳᠤᠷᠠᠯ ᠬᠠᠷᠠᠩᠭᠤᠢ ᠪᠣᠯᠬᠤ ᠶᠢ ᠢᠯᠡᠳᠬᠡᠭᠰᠡᠨ ᠰᠠᠨᠠᠭ᠎ᠠ ᠶᠤᠮ᠃ ︽ᠨᠣᠮ ᠦᠭᠡᠢ ᠬᠥᠮᠥᠨ ᠶᠠᠭ᠂ ᠰᠤᠮᠤ ᠦᠭᠡᠢ ᠫᠤᠤ | ᠲᠠᠭ︾᠃ ᠨᠣᠮ ᠪᠣᠯ ᠤᠬᠠᠭᠠᠨ ᠤ ᠳᠡᠭᠡᠵᠢ ᠠᠮᠢᠳᠤᠷᠠᠯ ᠤᠨ ᠡᠬᠢ᠂ ᠨᠣᠮ ᠤᠨ ᠶᠣᠰᠣ ᠶᠢ ᠮᠡᠳᠡᠪᠡᠯ ᠨᠣᠮᠣᠬᠠᠨ ᠲᠥᠯᠥᠪ | ᠪᠣᠯᠳᠠᠭ᠃ | 5. ᠤᠷᠠᠯᠠᠬᠤᠢ ᠶᠢᠨ ᠤᠬᠠᠭᠠᠨ | ᠭᠠᠶᠢᠬᠠᠮᠰᠢᠭ ᠢ ᠪᠦᠲᠦᠭᠡᠬᠦ ᠰᠡᠳᠬᠢᠯᠭᠡ ᠪᠣᠯ ᠤᠷᠠᠯᠠᠬᠤᠢ ᠶᠢᠨ ᠤᠬᠠᠭᠠᠨ ᠶᠤᠮ᠃ ᠭᠠᠶᠢᠬᠠᠮᠰᠢᠭ ᠢ ᠪᠦᠲᠦᠭᠡᠬᠦ | ᠳᠤ ᠤᠬᠠᠭᠠᠨ᠂ ᠤᠷ᠎ᠠ ᠬᠤᠶᠠᠷ ᠬᠤᠣᠰᠯᠠᠨᠠ᠃ ᠤᠬᠠᠭᠠᠨ ᠢᠶᠠᠷ ᠤᠷᠠᠯᠠᠬᠤᠢ ᠨᠢ ᠮᠠᠰᠢ ᠳᠡᠭᠡᠷ᠎ᠡ ᠴᠠᠭ ᠠᠴᠠ ᠬᠥᠮᠥᠨ ᠤ | ᠣᠶᠣᠨ ᠪᠢᠯᠢᠭ ᠲᠤ ᠪᠦᠷᠢᠳᠴᠦ ᠢᠷᠠᠪᠠ᠃ ︽ᠭᠠᠷ ᠲᠠᠭᠠᠨ ᠤᠷ᠎ᠠ ᠲᠠᠢ ᠬᠥᠮᠥᠨ︾ ᠭᠡᠵᠤ ᠠᠷᠠᠳ ᠤᠳ ᠤᠨ ᠬᠡᠯᠡᠵᠦ | ᠵᠠᠩᠰᠢᠭᠰᠠᠨ ᠢᠶᠠᠷ ︽ᠤᠬᠠᠭᠠᠨ︾ ᠭᠡᠭᠴᠢ ︽ᠤᠷ᠎ᠠ︾ ᠪᠠᠷ ᠢᠯᠡᠴᠢᠯᠡᠨ ᠪᠦᠲᠦᠭᠡᠭᠰᠡᠨ ᠭᠠᠶᠢᠬᠠᠮᠰᠢᠭ ᠮᠠᠨ ᠤ ᠲᠡᠦᠬᠡᠨ | ᠳᠤ ᠪᠤᠢ᠃ ᠵᠢᠱᠢᠶ᠎ᠡ ᠨᠢ ᠠᠷᠪᠠᠨ ᠳᠣᠯᠤᠭ᠎ᠠ— ᠠᠷᠪᠠ ᠶᠢᠰᠦᠳᠦᠭᠡᠷ ᠵᠠᠭᠤᠨ ᠤ ᠦᠶ᠎ᠡ ᠳᠤ ᠮᠣᠩᠭᠤᠯ ᠭᠠᠵᠠᠷ | ᠪᠠᠷᠢᠭᠳᠠᠭᠰᠠᠨ ᠤᠷᠲᠤ ᠪᠠᠷᠢᠯᠭ᠎ᠠ ︽ᠠᠮᠤᠷ ᠪᠠᠶᠠᠰᠬᠤᠯᠠᠩᠲᠤ ᠬᠡᠶᠢᠳ ᠤᠨ ᠴᠣᠭᠴᠠᠨ ᠳᠤᠭᠠᠩ︾ ︵1728-1755︶ | ᠡᠷᠳᠡᠨᠢ ᠵᠤᠤ ᠬᠡᠶᠢᠳ ᠤᠨ ︵ᠬᠤᠷᠢᠨ ᠭᠤᠷᠪᠠᠳᠤᠭᠠᠷ ᠵᠠᠭᠤᠨ︶ 25 ᠰᠦᠮ᠎ᠡ ᠪᠣᠯᠣᠨ ᠮᠡᠭᠵᠢᠳ ᠵᠠᠩᠷᠠᠶᠢᠰᠠᠭ | ᠪᠤᠷᠬᠠᠨ ᠵᠡᠷᠭᠡ ᠶᠢ ᠳᠤᠷᠠᠳᠤᠨ ᠬᠡᠯᠡᠵᠦ ᠪᠣᠯᠣᠨ᠎ᠠ᠃ ︽ᠤᠷᠠᠨ ᠬᠥᠮᠥᠨ ᠤᠬᠠᠭᠠᠨ ᠲᠠᠢ᠂ ᠤᠯᠢᠶᠠᠰᠤ ᠮᠣᠳᠣ ᠮᠥᠴᠢᠷ | ᠲᠠᠢ᠂ ᠤᠷᠠᠨ ᠲᠠᠢ ᠤᠲᠠᠰᠤ ᠪᠦᠦ ᠪᠤᠯᠢᠶᠠᠯᠳᠤ᠂ ᠤᠬᠠᠭᠠᠨᠲᠠᠨ ᠲᠠᠢ ᠦᠭᠡ ᠪᠦᠦ ᠪᠤᠯᠢᠶᠠᠯᠳᠤ︾ ᠭᠡᠵᠤ ᠤᠬᠠᠭᠠᠨ ᠢᠶᠠᠨ | ᠬᠦᠨᠳᠦᠳᠬᠡᠬᠦ ᠶᠢ ᠰᠤᠷᠭᠠᠵᠠᠢ᠃ ᠡᠳᠡᠭᠡᠷ ᠲᠠᠪᠤᠨ ᠤᠬᠠᠭᠠᠨ ᠨᠢ ᠠᠮᠢᠳᠤᠷᠠᠬᠤ ᠶᠢᠨ ᠤᠬᠠᠭᠠᠨ ᠪᠣᠯᠵᠤ ᠦᠶ᠎ᠡ ᠠᠴᠠ | ᠦᠶ᠎ᠡ ᠳᠤ ᠤᠯᠠᠮᠵᠢᠯᠠᠭᠳᠠᠨ ᠰᠢᠨ᠎ᠡ ᠰᠢᠨ᠎ᠡ ᠣᠶᠣᠨ ᠪᠣᠳᠣᠯ ᠢᠶᠠᠷ ᠪᠠᠶᠠᠵᠢᠨ ᠢᠷᠠᠪᠠ᠃ |