ᠬᠠᠶᠢᠯᠠᠰᠤ ᠪᠠᠯᠭᠠᠰᠤ ᠶᠢᠨ ᠭᠠᠵᠠᠷ ᠤᠰᠤᠨ ᠤ ᠮᠤᠩᠭᠤᠯ ᠨᠡᠷᠡᠰ ᠤᠳ ︵ᠬᠤᠶᠠᠷ︶
ᠨᠡᠶᠢᠲᠡᠯᠡᠭᠰᠡᠨ ᠴᠠᠭ᠄
2023/10/9
     ᠰᠧᠮᠡᠳ ᠤᠨ ᠤᠳᠤᠷ 色木德敖特尔      1961 ᠤᠨ ᠳᠤ ᠠᠳᠡ ᠬᠤᠨᠢᠨ ᠤᠳᠤᠷ ᠪᠠᠶᠢᠭᠤᠯᠵᠤ᠂ ᠬᠤᠨᠢᠴᠢᠨ ᠰᠧᠮᠡᠳ ᠤᠨ ᠨᠡᠷ᠎ᠡ ᠪᠠᠷ ᠤᠳᠤᠷ ᠤᠨ ᠨᠡᠷ᠎ᠡ ᠪᠠᠨ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 7 ᠺᠢᠯᠤᠮᠧᠲᠷ ᠤᠷᠴᠢᠮ ᠬᠤᠯᠠ ᠪᠠᠶᠢᠨ᠎ᠠ᠃      ᠵᠢᠶᠠᠰᠠ ᠲᠠᠢ ᠤᠷᠤᠢ 架子特敖来      ᠪᠤᠷᠭᠠᠰᠤ ᠲᠠᠢ ᠮᠠᠩᠬᠠᠨ ᠦᠨᠳᠦᠷ ᠤᠷᠤᠢ ᠳᠡᠭᠡᠷ᠎ᠡ ᠨᠢᠰᠭᠡᠯ ᠤᠨ ᠵᠠᠮ ᠢ ᠵᠢᠭᠠᠭᠰᠠᠨ ᠮᠤᠳᠤ ᠵᠢᠶᠠᠰᠠ ᠪᠠᠶᠢᠭᠰᠠᠨ ᠪᠤᠯᠬᠤᠷ ︽ᠵᠢᠶᠠᠰᠠ ᠲᠠᠢ ᠤᠷᠤᠢ︾ ᠭᠡᠵᠠᠢ᠃ ᠡᠨᠡ ᠤᠷᠤᠢ ᠶᠢᠨ ᠤᠶᠢᠷᠠᠯᠴᠠᠭ᠎ᠠ ᠭᠡᠪᠢᠰᠠᠸ᠎ᠠ ᠭᠡᠰᠡᠨ ᠭᠦᠮᠦᠨ ᠪᠠᠷᠢᠭᠠᠲᠠ ᠶᠢᠨ ᠬᠤᠨᠢ ᠶᠢ ᠬᠠᠷᠢᠭᠤᠯᠵᠤ ᠤᠳᠤᠷ ᠢᠶᠠᠷ ᠰᠠᠭᠤᠵᠤ ᠪᠠᠶᠢᠭᠰᠠᠨ ᠪᠤᠯᠬᠤᠷ ᠪᠠᠰᠠ ︽ᠭᠡᠪᠢᠰᠠᠸ᠎ᠠ ᠶᠢᠨ ᠤᠳᠤᠷ︾ ᠭᠡᠳᠡᠭ᠃ ᠡᠨᠡ ᠭᠠᠵᠠᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠡᠮᠦᠨ᠎ᠡ 2 ᠺᠢᠯᠤᠮᠧᠲᠷ ᠬᠤᠯᠠ ᠪᠠᠶᠢᠨ᠎ᠠ᠃      ᠡᠯᠢᠶᠡᠳᠤ ᠨᠠᠭᠤᠷ 额力也图诺尔      ᠮᠠᠩᠬᠠᠨ ᠬᠤᠳᠤᠭᠤᠷ ᠤᠨ ᠵᠢᠵᠢᠭᠭᠡᠨ ᠨᠠᠭᠤᠷ ᠤᠨ ᠬᠠᠵᠠᠭᠤ ᠳᠠᠬᠢ ᠬᠠᠶᠢᠯᠠᠰᠤᠨ ᠮᠤᠳᠤᠨ ᠳᠡᠭᠡᠷ᠎ᠡ ᠡᠯᠢᠶ᠎ᠡ ᠡᠭᠦᠷᠯᠡᠵᠤ ᠪᠠᠶᠢᠳᠠᠭ ᠪᠤᠯᠬᠤᠷ ᠡᠶᠢᠮᠦ ᠨᠡᠷ᠎ᠡ ᠦᠭᠪᠡ᠃ ᠡᠨᠡ ᠭᠠᠵᠠᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠡᠮᠦᠨ᠎ᠡ 3.5 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃      ᠳᠡᠷᠡᠰᠤᠳᠤ ᠪᠤᠯᠤᠩ 德日苏特 包冷      ᠳᠡᠷᠡᠰᠤ ᠡᠪᠡᠰᠤ ᠤᠷᠭᠤᠭᠰᠠᠨ ᠭᠤᠤᠯ ᠤᠨ ᠭᠦᠪᠡᠭᠡ ᠶᠢᠨ ᠪᠤᠯᠤᠩ ᠭᠠᠵᠠᠷ᠃ ᠦᠨᠦ ᠠᠳᠡ ᠬᠠᠶᠢᠯᠠᠰᠤ ᠳᠠᠬᠢ ᠴᠢᠭᠢ ᠮᠤᠳᠤᠨ ᠤ ᠲᠠᠯᠠᠪᠠᠢ ᠰᠠᠭᠤᠵᠤ ᠪᠠᠶᠢᠨ᠎ᠠ᠃ ᠡᠨᠡ ᠭᠠᠵᠠᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ  ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨᠰᠢ 1.5 ᠺᠢᠯᠤᠮᠧᠲᠷ ᠬᠤᠯᠠ ᠭᠤᠤᠯ ᠤᠨ ᠭᠦᠪᠡᠭᠡ ᠳᠡᠭᠡᠷ᠎ᠡ ᠪᠠᠶᠢᠨ᠎ᠠ᠃      ᠦᠨᠳᠦᠷ ᠪᠤᠷᠤᠯᠵᠢ 温都日宝日勒吉      ᠪᠤᠷᠤᠯᠵᠢ ᠤᠷᠭᠤᠭᠰᠠᠨ ᠦᠨᠳᠦᠷ ᠪᠤᠷᠤ ᠤᠷᠤᠢ᠃ ᠠᠳᠡ ᠮᠠᠯ ᠭᠡᠭᠡᠯᠳᠦᠭᠦᠯᠭᠡ ᠶᠢᠨ ᠦᠷᠳᠡᠭᠡ ᠰᠠᠭᠤᠵᠤ ᠦᠩᠭᠡᠷᠡᠪᠡ᠃ ᠤᠳᠤ ᠨᠢᠭᠡᠨᠳᠡ ᠪᠤᠷᠤ ᠤᠷᠤᠢ ᠨᠢ ᠰᠠᠯᠭᠢᠨ ᠳᠤ ᠭᠡᠶᠢᠰᠴᠤ ᠬᠤᠳᠤᠭᠤᠷ ᠪᠤᠯᠪᠠ᠃ ᠡᠨᠡ ᠭᠠᠵᠠᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨᠰᠢ 2 ᠺᠢᠯᠤᠮᠧᠲᠷ ᠬᠤᠯᠠ ᠪᠠᠶᠢᠨ᠎ᠠ᠃      ᠭᠡᠰᠡᠷ ᠤᠨ ᠱᠠᠬᠠᠢ ᠬᠠᠳᠠ 格斯尔鞋石      ᠱᠠᠬᠠᠢ ᠭᠡᠯᠪᠡᠷᠢᠲᠠᠢ ᠲᠤᠮᠤ ᠬᠠᠳᠠ᠃ ᠠᠷᠠᠳ ᠤᠨ ᠠᠮᠠᠨ ᠦᠯᠢᠭᠡᠷ ᠲᠤ ︽ᠭᠡᠰᠡᠷ ᠤᠨ ᠱᠠᠬᠠᠢ ᠬᠠᠳᠠ︾ ᠭᠡᠵᠤ ᠭᠡᠯᠡᠳᠡᠭ ᠪᠦᠭᠡᠳ ︽ᠪᠠᠭᠠᠷᠢᠨ ᠭᠡᠰᠡᠷ ᠤᠨ ᠦᠯᠢᠭᠡᠷ︾ ᠲᠠᠢ ᠬᠤᠯᠪᠤᠭᠳᠠᠳᠠᠭ᠃ ᠡᠨᠡ ᠬᠠᠳᠠ ᠨᠢ ᠬᠠᠶᠢᠯᠠᠰᠤ ᠪᠠᠯᠭᠠᠰᠤ  ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠤᠨ ᠠᠷᠤ ᠠᠭᠤᠯᠠᠨ ᠤ ᠬᠤᠶᠢᠳᠤ ᠬᠠᠵᠠᠭᠤ ᠳᠡᠭᠡᠷ᠎ᠡ ᠪᠠᠶᠢᠨ᠎ᠠ᠃ ᠲᠡᠭᠦᠨ ᠠᠴᠠ ᠳᠤᠤᠷ᠎ᠠ ᠰᠢᠭ ᠠᠭᠤᠯᠠᠨ ᠬᠤᠷᠮᠤᠢ ᠳᠡᠭᠡᠷ᠎ᠡ ︽ᠠᠯᠳᠠᠨ ᠮᠡᠯᠡᠭᠡᠢ︾ ᠬᠠᠳᠠ ᠪᠠᠶᠢᠨ᠎ᠠ᠃      ᠰᠠᠴᠢ ᠶᠢᠨ ᠤᠪᠤᠭ᠎ᠠ 萨其敖包      ᠠᠯᠪᠢᠨ ᠭᠠᠯ ᠤᠨ ᠭᠦᠶᠦᠪᠴᠢ ᠲᠠᠢ ᠭᠠᠵᠠᠷ ᠰᠠᠴᠢ ᠳᠠᠷᠤᠵᠤ ᠲᠠᠯᠪᠢᠵᠠᠢ᠃ ᠤᠷᠢᠳᠤ ᠠᠳᠡ ᠪᠤᠯᠠᠭ ᠣᠷᠭᠢᠯᠵᠤ ᠪᠠᠶᠢᠭᠰᠠᠨ ᠪᠤᠯᠬᠤᠷ ︽ᠰᠠᠴᠢ ᠤᠨ ᠪᠤᠯᠠᠭ︾ ᠭᠡᠵᠤ᠂ ᠪᠤᠯᠠᠭ ᠤᠨ ᠳᠡᠷᠭᠡᠳᠡ ᠤᠪᠤᠭ᠎ᠠ ᠪᠤᠰᠬᠠᠵᠤ ︽ᠰᠠᠴᠢ ᠶᠢᠨ ᠤᠪᠤᠭ᠎ᠠ︾ ᠭᠡᠪᠡ᠃ ᠡᠨᠡ ᠤᠪᠤᠭ᠎ᠠ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ  ᠠᠴᠠ ᠡᠮᠦᠨ᠎ᠡ᠂ ᠬᠤᠸᠠᠬᠤᠰᠢᠭᠤ ᠠᠶᠢᠯ ᠤᠨ ᠠᠷᠤ ᠳᠡᠭᠡᠷ᠎ᠡ᠂ ᠪᠦᠷᠢᠳᠦᠨ ᠲᠠᠯ᠎ᠠ ᠶᠢᠨ ᠶᠮᠦᠨ᠎ᠡ ᠭᠦᠪᠡᠭᠡ ᠳᠡᠭᠡᠷ᠎ᠡ ᠪᠠᠶᠢᠨ᠎ᠠ᠃      ᠪᠦᠷᠢᠳᠦᠨ ᠲᠠᠯ᠎ᠠ 布日敦塔拉      ᠬᠠᠶᠢᠯᠠᠰᠤ ᠶᠢᠨ ᠠᠭᠤᠯᠠᠨ ᠤ ᠡᠮᠦᠨᠡᠭᠦᠷ᠂ ᠪᠠᠶᠠᠨᠬᠤᠰᠢᠭᠤ ᠠᠭᠤᠯᠠᠨ ᠠᠴᠠ ᠵᠡᠭᠦᠨ ᠡᠮᠦᠨᠡᠰᠢ ᠦᠷᠭᠦᠯᠵᠢᠯᠡᠩᠰᠡᠨ ᠶᠡᠭᠡ ᠲᠠᠯ᠎ᠠ ᠶᠢ ᠪᠦᠷᠢᠳᠦᠨ ᠲᠠᠯ᠎ᠠ ᠭᠡᠳᠡᠭ᠃ ᠵᠠᠷᠢᠮ ᠨᠤᠮ ᠳᠡᠭᠡᠷ᠎ᠡ ᠡᠨᠡ ᠲᠠᠯ᠎ᠠ ᠶᠢ ᠵᠡᠭᠦᠨᠰᠢ ᠭᠡᠷᠰᠡᠩ᠂ ᠰᠢᠨᠡᠰᠦ᠋ᠮ᠎ᠡ᠂ ᠳ᠋ᠠ ᠰᠢᠩ ᠤᠷᠤᠭᠤᠳᠠᠭᠰᠠᠨ ᠲᠠᠯ᠎ᠠ ᠭᠠᠵᠠᠷ ᠲᠠᠢ ᠨᠡᠶᠢᠯᠡᠭᠦᠯᠵᠤ ︽ᠬᠠᠶᠢᠯᠠᠰᠤ ᠶᠢᠨ ᠲᠠᠯ᠎ᠠ︾ ᠭᠡᠵᠤ ᠨᠡᠷᠡᠯᠡᠵᠤ ᠪᠠᠶᠢᠳᠠᠭ᠃ ᠪᠦᠷᠢᠳᠦᠨ ᠲᠠᠯ᠎ᠠ ᠭᠡᠵᠤ ᠵᠦᠪᠭᠡᠨ ᠦᠨᠦ ᠶᠢᠨ ᠬᠠᠶᠢᠯᠠᠰᠤ ᠭᠠᠴᠠᠭ᠎ᠠ ᠶᠢᠨ ᠭᠡᠪᠴᠢᠶᠡᠨ ᠳᠤ ᠪᠠᠶᠢᠬᠤ ᠲᠠᠯ᠎ᠠ ᠭᠠᠵᠠᠷ ᠢ ᠵᠢᠭᠠᠵᠤ ᠪᠠᠶᠢᠳᠠᠭ᠃      ᠤᠯᠠᠭᠠᠨ ᠵᠠᠳᠠᠭᠠᠢ ᠶᠢᠨ ᠠᠶᠢᠯ乌兰吉达盖艾勒      ᠤᠨ ᠲᠤᠭᠠᠯᠠᠯ ᠤᠨ1796 —1820 ᠤᠨ ᠤ ᠦᠶ᠎ᠡ ᠪᠠᠷ ᠨᠢᠭᠡᠨ ᠬᠤᠵᠢᠷ ᠲᠠᠢ ᠤᠯᠠᠭᠠᠨ ᠬᠠᠯᠠᠴᠠᠭᠠᠢ ᠨᠠᠭᠤᠷ ᠤᠷᠴᠢᠮ ᠠᠶᠢᠯ ᠰᠠᠭᠤᠵᠤ ᠡᠶᠢᠮᠦ ᠨᠡᠷ᠎ᠡ ᠦᠭᠪᠡ᠃ ᠡᠨᠡ ᠠᠶᠢᠯ ᠳᠤ ᠤᠯᠠᠭᠠᠨ ᠵᠠᠳᠠᠭᠠᠢ ᠭᠠᠴᠠᠭ᠎ᠠ ᠶᠢᠨ ᠵᠦᠪᠯᠡᠯ ᠰᠠᠭᠤᠵᠤ ᠪᠠᠶᠢᠨ᠎ᠠ᠃ ᠡᠨᠡ ᠠᠶᠢᠯ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨ ᠡᠮᠦᠨ᠎ᠡ 7.5 ᠺᠢᠯᠤᠮᠧᠲᠷ ᠬᠤᠯᠠ ᠪᠠᠶᠢᠨ᠎ᠠ᠃      ᠴᠢᠯᠠᠭᠤᠳᠤ ᠤᠪᠤᠭ᠎ᠠ 朝鲁图敖包      ᠴᠢᠯᠠᠭᠤ ᠤᠪᠤᠭᠠᠯᠠᠵᠤ ᠪᠣᠰᠬᠠᠭᠰᠠᠨ ᠳᠠᠭᠢᠯᠭ᠎ᠠ ᠲᠠᠢ ᠤᠪᠤᠭ᠎ᠠ᠃ ᠡᠨᠡ ᠤᠪᠤᠭ᠎ᠠ ᠨᠢ ᠤᠯᠠᠭᠠᠨ ᠵᠠᠳᠠᠭᠠᠢ ᠶᠢᠨ ᠠᠶᠢᠯ ᠪᠤᠯᠤᠨ ᠬᠤᠶᠠᠷ ᠮᠤᠳᠤ ᠶᠢᠨ ᠠᠶᠢᠯ ᠤᠨ ᠳᠤᠮᠳᠠ ᠪᠠᠶᠢᠨ᠎ᠠ᠃ ᠠᠳᠡ ᠠᠴᠠ ᠰᠤᠪᠠᠭ ᠮᠠᠯᠲᠠᠵᠤ ᠪᠠᠶᠢᠭᠰᠠᠨ ᠭᠦᠮᠦᠰ ᠡᠷᠳᠡᠨ ᠤ ᠯᠢᠶᠤᠤ ᠤᠯᠤᠰ ᠤᠨ ᠦᠶ᠎ᠡ ᠶᠢᠨ ᠬᠠᠭᠤᠴᠢ ᠦᠯᠡᠳᠡᠭᠳᠡᠯ ᠢ ᠲᠡᠭᠦᠵᠤ ᠤᠯᠵᠤ ᠪᠠᠶᠢᠪᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号