ᠤᠷᠠᠳᠴᠤᠳ ᠤᠨ ᠠᠩ ᠤᠨ ᠰᠤᠶᠤᠯ
ᠨᠡᠶᠢᠲᠡᠯᠡᠭᠰᠡᠨ ᠴᠠᠭ᠄
2023/9/4
     ᠲᠡᠨᠢᠭᠡᠷ ᠭᠤᠪᠢ ᠨᠤᠳᠤᠭ ᠲᠤ ᠮᠢᠨᠢ ᠠᠩ ᠬᠦᠷᠤᠭᠡᠰᠤ᠂ ᠠᠷᠢᠶᠠᠳᠠᠨ ᠵᠢᠬᠦᠷᠳᠡᠨ ᠤᠯᠠᠨ ᠲᠤᠭ᠎ᠠ ᠪᠠᠷ ᠢᠳᠡᠭᠡᠰᠢᠨ ᠨᠤᠳᠤᠭᠯᠠᠵᠤ᠂ ᠨᠡᠬᠦᠳᠡᠯ ᠰᠤᠶᠤᠯ ᠲᠠᠢ ᠤᠷᠠᠳᠴᠤᠳ ᠤᠨ ᠠᠵᠤ ᠠᠮᠢᠳᠤᠷᠠᠯ ᠳᠤ ᠠᠭᠤᠰᠤᠭᠳᠠᠨ ᠰᠢᠩᠭᠡᠭᠡᠳ ᠤᠷᠠᠴᠤᠳ ᠤᠨ ᠠᠩ ᠤᠨ ᠰᠤᠶᠤᠯ ᠢ ᠡᠬᠦᠳᠴᠠᠢ᠃ ᠠᠩ ᠤᠨ ᠰᠤᠶᠤᠯ ᠨᠢ ᠮᠠᠨ ᠤ ᠨᠡᠬᠦᠳᠡᠯᠴᠢᠨ ᠮᠤᠩᠭᠤᠯᠴᠤᠳ ᠤᠨ ᠦᠶ᠎ᠠ ᠲᠠᠮᠵᠢᠵᠤ ᠢᠷᠡᠭᠰᠡᠨ ᠪᠠᠶᠢᠭᠠᠯᠢ ᠤᠷᠴᠢᠨ ᠲᠠᠢ ᠪᠠᠨ ᠵᠤᠬᠢᠴᠠᠨ ᠠᠮᠢᠳᠤᠷᠠᠬᠤ ᠦᠪᠠᠷᠮᠢᠴᠠ ᠰᠠᠶᠢᠬᠠᠨ ᠰᠤᠶᠤᠯ ᠪᠤᠯᠬᠤ ᠶᠤᠮ᠃ ᠲᠠᠪᠤᠨ ᠬᠤᠰᠢᠭᠤ ᠮᠠᠯ ᠢᠶᠠᠷ ᠠᠵᠤ ᠠᠮᠢᠳᠤᠷᠠᠯ ᠤᠨ ᠰᠠᠭᠤᠷᠢ ᠪᠤᠯᠭᠠᠭᠰᠠᠨ ᠤᠷᠠᠳᠴᠤᠳ ᠬᠡᠳᠦᠢ ᠪᠠᠷ ᠠᠩᠴᠢᠨ ᠤᠭᠰᠠᠭᠠᠳᠠᠨ ᠪᠢᠰᠢ ᠴᠤ ᠨᠡᠬᠦᠳᠡᠯ ᠰᠤᠶᠤᠯ ᠳᠠᠭᠠᠨ ᠵᠤᠬᠢᠴᠠᠭᠰᠠᠨ ᠠᠩ ᠤᠨ ᠰᠤᠶᠤᠯ ᠲᠠᠢ ᠤᠭᠰᠠᠭᠠᠳᠠᠨ ᠪᠤᠯᠬᠤ ᠶᠤᠮ᠃ ᠤᠷᠠᠴᠤᠳ ᠶᠡᠭᠡ ᠲᠦᠯᠥᠪ ᠬᠠᠪᠬ᠎ᠠ᠂ ᠭᠠᠯᠳᠤ ᠫᠤᠥ ᠪᠠᠷ ᠠᠩ ᠬᠦᠷᠤᠭᠡ ᠬᠢᠵᠤ ᠠᠵᠤ ᠠᠮᠢᠳᠤᠷᠠᠯ ᠳᠠᠭᠠᠨ ᠲᠤᠰᠠ ᠪᠤᠯᠭᠠᠭᠰᠠᠭᠠᠷ ᠢᠷᠡᠵᠠᠢ᠃ ᠲᠠᠯᠠᠭᠠᠳ ᠤᠨ ᠤ ᠡᠬᠢ ᠪᠠᠷ ᠲᠦᠷᠭᠡᠨ ᠫᠤᠥ᠂ ᠲᠡᠷᠭᠡ ᠤᠨᠤᠭ᠎ᠠ ᠤᠷᠠᠳ ᠨᠤᠳᠤᠭ ᠲᠤ ᠢᠪᠠᠷᠠᠨ ᠤᠷᠤᠭᠰᠠᠨ ᠪᠠ ᠬᠦᠮᠤᠰ ᠤᠨ ᠠᠯᠠᠯᠭ᠎ᠠ ᠬᠢᠳᠤᠯᠭ᠎ᠠ ᠶᠢᠨ ᠰᠢᠷᠤᠬᠦᠨ ᠲᠠᠭᠠᠷᠢᠯᠳᠠ ᠠᠴᠠ ᠪᠤᠯᠵᠤ ᠠᠷᠢᠶᠠᠳᠠᠨ ᠬᠦᠷᠤᠭᠡᠰᠤ ᠲᠦᠷᠭᠡᠨ ᠬᠤᠷᠳᠤᠴᠠ ᠪᠠᠷ ᠴᠦᠬᠡᠷᠡᠵᠤ᠂ ᠰᠢᠨ᠎ᠠ ᠵᠠᠭᠤᠨ ᠪᠤᠯᠬᠤ ᠳᠤ ᠬᠠᠯᠵᠠᠨ ᠲᠤᠷᠤᠭᠤ᠂ ᠰᠢᠯᠤᠬᠦᠰᠤ᠂ ᠲᠠᠷᠪᠠᠭ᠎ᠠ᠂ ᠤᠯᠠᠭᠠᠨ ᠢᠮᠠᠭ᠎ᠠ᠂ ᠠᠷᠭᠠᠯᠢ ᠮᠡᠳᠤ ᠶᠢᠨ ᠠᠩ ᠠᠮᠢᠳᠠᠨ ᠦᠨᠳᠤᠰᠤ ᠲᠠᠰᠤᠷᠠᠭᠰᠠᠨ ᠪᠠᠶᠢᠳᠠᠯ ᠳᠤ ᠤᠷᠤᠵᠤ᠂ ᠪᠢᠳᠠᠨ ᠤ ᠦᠷ᠎ᠠ ᠬᠤᠶᠢᠴᠢᠰ ᠠᠷᠢᠶᠠᠳᠠᠨ ᠬᠦᠷᠤᠭᠡᠰᠤ ᠶᠢ ᠦᠰᠴᠤ ᠲᠦᠷᠥᠭᠰᠡᠨ ᠨᠤᠳᠤᠭ ᠤᠰᠤᠨ ᠠᠴᠠ ᠪᠠᠨ ᠪᠤᠰᠤ ᠲᠧᠯᠸᠢᠰ ᠠᠴᠠ ᠬᠠᠮᠢᠭ᠎ᠠ ᠴᠠᠭᠠᠨ᠎ᠠ ᠭᠠᠭᠴᠠ ᠨᠢᠭᠡ ᠬᠠᠷᠠᠬᠤ ᠲᠡᠳᠤᠢ ᠪᠤᠯᠵᠠᠢ᠃       ᠤᠷᠢᠳᠤ ᠤᠷᠠᠳ ᠤᠨ ᠬᠤᠶᠢᠳᠤ ᠬᠤᠰᠢᠭᠤᠨ ᠤ ᠬᠡᠪᠴᠢᠶᠡᠨ ᠳᠤ ᠠᠷᠭᠠᠯᠢ ᠤᠭᠠᠯᠵᠠ ᠨᠡᠶᠢᠳᠡᠮ ᠲᠠᠷᠬᠠᠨ ᠨᠤᠳᠤᠭᠯᠠᠳᠠᠭ ᠴᠤ ᠬᠤᠶᠠᠭ ᠲᠤᠭᠤᠯᠭ᠎ᠠ ᠶᠢᠨ ᠬᠢᠷ᠎ᠠ᠂ ᠵᠠᠭᠠᠯ ᠤᠨ ᠤᠪᠤᠭ᠎ᠠ᠂ ᠪᠤᠩᠬᠤᠨ ᠤ ᠴᠠᠬᠢᠷ᠂ ᠶᠡᠭᠡ ᠪᠠᠭ᠎ᠠ ᠪᠢᠳᠡᠬᠦᠥ᠂ ᠬᠠᠩᠭᠠᠢ ᠨᠡᠬᠦᠴᠠ᠂ ᠪᠠᠶᠠᠨ ᠨᠢᠷᠤᠭᠤᠨ ᠤ ᠤᠷᠤᠢ᠂ ᠪᠠᠶᠠᠨ ᠬᠤᠰᠢᠭᠤᠨ ᠤ ᠬᠢᠷ᠎ᠠ᠂ ᠪᠤᠷᠪᠢ ᠶᠢᠨ ᠬᠢᠷ᠎ᠠ᠂ ᠬᠦᠪ ᠤᠨ ᠤᠪᠤᠭ᠎ᠠ᠂ ᠴᠠᠪᠴᠢᠷ ᠤᠨ ᠡᠷᠢᠶᠡᠯᠵᠢ᠂ ᠬᠠᠪᠴᠠᠭᠠᠢ ᠶᠢᠨ ᠤᠪᠤᠭ᠎ᠠ ᠪᠠᠷ ᠭᠤᠥᠯᠳᠠᠢ ᠰᠦᠷᠥᠭᠯᠡᠨ ᠨᠤᠳᠤᠭᠰᠢᠳᠠᠭ ᠪᠠᠶᠢᠯ᠎ᠠ᠃ ᠬᠠᠪᠬ᠎ᠠ ᠪᠠᠷ ᠬᠦᠷᠤᠭᠡᠯᠡᠬᠦ ᠤᠷᠠᠳ ᠭᠤᠪᠢ ᠨᠤᠳᠤᠭ ᠲᠤ ᠠᠶᠢᠯ ᠠᠮᠢᠳᠠᠨ ᠴᠦᠬᠡᠨ ᠠᠩ ᠬᠦᠷᠤᠭᠡᠰᠤ ᠡᠯᠪᠡᠭ᠃ ᠴᠦᠬᠡᠨ ᠬᠡᠳᠤᠨ ᠡᠪᠤᠭᠡᠴᠤᠥᠯ ᠭᠠᠯᠳᠤ ᠫᠤᠥ ᠡᠬᠦᠷᠬᠦ ᠶᠢ ᠭᠠᠷᠭᠠᠪᠠᠯ ᠤᠯᠠᠩᠬᠢ ᠬᠦᠮᠤᠨ ᠬᠠᠪᠬ᠎ᠠ ᠵᠡᠬᠦᠵᠤ ᠬᠦᠷᠤᠭᠡᠯᠡᠨ᠎ᠠ᠃ ᠬᠠᠪᠬ᠎ᠠ ᠪᠠᠷ ᠬᠦᠷᠤᠭᠡᠯᠡᠬᠦ ᠳᠤ ᠬᠠᠮᠢᠭ᠎ᠠ ᠪᠤᠯ ᠬᠠᠮᠢᠭ᠎ᠠ ᠬᠠᠪᠬ᠎ᠠ ᠵᠡᠬᠦᠭᠡᠳ ᠵᠡᠭᠡᠷ᠎ᠠ ᠬᠦᠷᠤᠭᠡᠰᠤ ᠪᠠᠷᠢᠴᠢᠬᠠᠬᠤ ᠪᠢᠰᠢ᠃ ᠬᠠᠷᠢᠨ ᠭᠠᠵᠠᠷ ᠤᠨ ᠪᠠᠶᠢᠴᠠ᠂ ᠵᠡᠭᠡᠷ᠎ᠠ ᠬᠦᠷᠤᠭᠡᠰᠤᠨ ᠤ ᠬᠦᠶᠤᠳᠡᠯ ᠴᠤᠪᠤᠭ᠎ᠠ᠂ ᠨᠠᠭᠤᠷ ᠵᠠᠳᠠᠭᠠᠢ ᠶᠢᠨ ᠬᠦᠪᠡᠭᠡ᠂ ᠴᠠᠰᠤᠨ ᠤ ᠲᠠᠬᠤ᠂ ᠰᠡᠭ ᠰᠡᠪᠡᠰᠤᠨ ᠤ ᠦᠨᠤᠷ᠂ ᠡᠪᠡᠰᠤ ᠤᠷᠭᠤᠮᠠᠯ ᠵᠡᠷᠭᠡ ᠳᠤ ᠬᠠᠪᠬ᠎ᠠ ᠵᠡᠬᠦᠵᠤ ᠵᠡᠭᠡᠷ᠎ᠠ ᠬᠦᠷᠤᠭᠡᠰᠤ ᠪᠠᠷᠢᠨ᠎ᠠ᠃ ᠵᠡᠭᠡᠷ᠎ᠠ ᠬᠦᠷᠤᠭᠡᠰᠤ ᠶᠢ ᠬᠠᠪᠬ᠎ᠠ ᠪᠠᠷ ᠪᠠᠷᠢᠬᠤ ᠶᠢ ᠬᠠᠪᠬ᠎ᠠ ᠵᠡᠬᠦᠵᠤ ᠬᠦᠷᠤᠭᠡᠯᠡᠨ᠎ᠠ ᠭᠡᠨ᠎ᠠ᠃ ᠬᠠᠪᠬ᠎ᠠ ᠵᠡᠬᠦᠬᠦ ᠶᠢ ᠬᠠᠪᠬ᠎ᠠ ᠨᠢ ᠬᠠᠪᠬᠠᠨ ᠤ ᠭᠠᠷ᠂ ᠴᠢᠮᠴᠢ᠂ ᠴᠢᠮᠴᠢ ᠶᠢᠨ ᠬᠠᠳᠠᠭᠠᠰᠤ᠂ ᠬᠤᠴᠠ᠂ ᠲᠠᠪᠠᠭ ᠵᠡᠷᠭᠡ ᠪᠠᠷ ᠪᠦᠷᠢᠯᠳᠤᠵᠤ᠂ ᠤᠯᠠᠪᠴᠢ ᠨᠢ ᠬᠦᠨᠳᠡᠯᠢ᠂ ᠲᠠᠪᠬᠢ ︵ᠱᠦᠷᠭᠡ︶᠂ ᠲᠠᠪᠬᠢᠨ ᠤ ᠤᠭᠤᠰᠤᠷ᠂ ᠲᠠᠪᠬᠢᠨ ᠤ ᠡᠷᠭᠡᠶᠢᠪᠴᠢ ᠵᠡᠷᠭᠡ ᠪᠠᠷ ᠪᠦᠷᠢᠯᠳᠤᠳᠡᠭ᠃ ᠬᠤᠶᠠᠷ ᠲᠠᠪᠬᠤᠷ ᠪᠦᠰ ᠢ ᠭᠤᠥᠯ ᠳᠤᠨᠢ ᠬᠤᠮᠪᠤᠭᠤᠷ ᠲᠤᠭᠤᠢ ᠬᠡᠯᠪᠡᠷᠢ ᠲᠠᠢ ᠰᠢᠷᠢᠵᠤ ᠲᠡᠮᠤᠷ ᠤᠳᠠᠰᠤ ᠪᠤᠶᠤ ᠰᠤᠬᠠᠢ ᠪᠠᠷ ᠬᠦᠷᠢᠶᠡᠯᠡᠨ ᠤᠶᠤᠭᠰᠠᠨ ᠬᠠᠪᠬ᠎ᠠ ᠪᠤᠰᠬᠤ ᠳᠤ ᠴᠢᠬᠤᠯᠠ ᠦᠢᠯᠡᠳᠤᠯ ᠪᠦᠬᠦᠢ ᠪᠦᠰ ᠲᠡᠪᠢᠰᠭᠡᠷ ᠢ ᠬᠠᠪᠬᠠᠨ ᠤ ᠤᠯᠠᠪᠴᠢ ᠭᠡᠳᠡᠭ᠃ ᠤᠯᠠᠪᠴᠢᠨ ᠤ ᠭᠠᠳᠠᠭᠤᠷᠬᠢ ᠴᠠᠭᠠᠷᠢᠭ ᠢ ᠤᠯᠠᠪᠴᠢᠨ ᠤ ᠬᠦᠷᠢᠶ᠎ᠠ ᠭᠡᠨ᠎ᠠ᠃ ᠬᠤᠶᠠᠷ ᠬᠤᠷᠤᠭᠤ ᠭᠠᠷᠦ᠋ᠢᠬᠠᠨ ᠰᠤᠬᠠᠢ ᠶᠢ ᠬᠤᠶᠠᠷ ᠦᠵᠤᠬᠦᠷ ᠲᠤᠨᠢ ᠬᠡᠷᠴᠢᠶᠡᠰᠤ ᠭᠠᠷᠭᠠᠨ ᠵᠤᠷᠭᠤᠵᠤ ᠤᠯᠠᠪᠴᠢᠨ ᠤ ᠬᠦᠨᠳᠡᠯᠢ ᠬᠢᠨ᠎ᠠ᠃ ᠬᠦᠨᠳᠡᠯᠢ ᠶᠢ ᠬᠤᠶᠠᠷ ᠦᠵᠤᠬᠦᠷ ᠲᠤᠨᠢ ᠵᠤᠷᠭᠤᠭᠰᠠᠨ ᠭᠡᠷᠴᠢᠯᠡᠭᠡᠰᠤ ᠪᠠᠷ ᠨᠢ ᠤᠯᠠᠪᠴᠢᠨ ᠤ ᠲᠤᠮᠳᠠ ᠬᠡᠰᠡᠭ ᠲᠤ ᠤᠶᠤᠵᠤ ᠪᠦᠭᠯᠡᠨ᠎ᠠ᠃ ᠰᠤᠬᠠᠢ ᠵᠡᠷᠭᠡ ᠶᠢᠨ ᠪᠦᠬᠡ ᠮᠤᠳᠤ ᠪᠠᠷ ᠲᠠᠪᠬᠢ ᠵᠤᠷᠭᠤᠨ᠎ᠠ᠃ ᠲᠠᠪᠬᠢᠨ ᠤ ᠤᠷᠳᠤ ᠤᠬᠤᠷ ᠨᠢ ᠬᠠᠪᠬᠠᠨ ᠤ ᠶᠡᠭᠡ ᠪᠠᠭ᠎ᠠ ᠪᠠᠷ ᠲᠤᠭᠳᠠᠭᠠᠭᠳᠠᠨ᠎ᠠ᠃ ᠲᠠᠪᠬᠢᠨ ᠤ ᠨᠢᠭᠡ ᠦᠵᠤᠬᠦᠷ ᠢ ᠨᠢ ᠨᠠᠷᠢᠪᠳᠤᠷ ᠬᠠᠪᠳᠠᠭᠠᠢ᠂ ᠨᠦᠬᠦᠭᠡ ᠦᠵᠤᠬᠦᠷ ᠢ ᠨᠢ ᠲᠦᠷᠪᠡᠯᠵᠢᠨ ᠰᠢᠬ ᠵᠤᠷᠭᠤᠵᠤ᠂ ᠲᠤᠮᠳᠠ ᠨᠢ ᠬᠡᠷᠴᠢᠶᠡᠰᠤ ᠭᠠᠷᠭᠠᠨ᠎ᠠ᠃ ᠰᠢᠯᠢ ᠵᠤᠭᠳᠤᠷ ᠤᠨ ᠬᠢᠯᠭᠠᠰᠤ ᠪᠠᠷ ᠲᠤᠬᠤᠢ ᠤᠷᠳᠤ ᠨᠠᠷᠢᠨ ᠰᠢᠳᠠᠮ ᠲᠠᠮᠤᠵᠤ᠂ ᠨᠠᠷᠢᠨ ᠦᠵᠤᠬᠦᠷ ᠢ ᠨᠢ ᠲᠠᠪᠬᠢᠨ ᠤ ᠲᠤᠮᠳᠠᠬᠢ ᠬᠡᠷᠴᠢᠶᠡᠰᠤᠨ ᠳᠤ ᠤᠶᠤᠵᠤ ᠪᠦᠭᠯᠡᠵᠦ ᠲᠠᠪᠬᠢᠨ ᠤ ᠤᠭᠤᠰᠤᠷ ᠭᠡᠵᠤ ᠨᠡᠷᠡᠯᠡᠨ᠎ᠠ᠃ ᠲᠠᠪᠬᠢᠨ ᠤ ᠤᠭᠤᠰᠤᠷ ᠬᠢᠬᠦ ᠰᠢᠳᠠᠮ ᠤᠨ ᠨᠠᠷᠢᠨ ᠦᠵᠤᠬᠦᠷ ᠢ ᠲᠠᠪᠬᠢᠨ ᠤ ᠬᠡᠷᠴᠢᠶᠡᠰᠤᠨ ᠳᠤ ᠤᠷᠢᠶᠠᠨ ᠵᠠᠩᠬᠢᠳᠴᠤ᠂ ᠦᠵᠤᠬᠦᠷ ᠢ ᠨᠢ ᠰᠦᠪᠡᠭᠴᠢ ᠭᠠᠷᠭᠠᠨ ᠲᠠᠪᠠᠨᠠᠨ ᠳᠤ ᠰᠦᠪᠡᠯᠡᠵᠤ ᠬᠡᠷᠴᠢᠶᠡᠰᠤ ᠶᠢ ᠤᠷᠢᠶᠠᠭᠰᠠᠨ ᠤᠶᠤᠭᠠᠰᠤ ᠪᠠᠨ ᠪᠦᠭᠯᠡᠵᠤ ᠤᠶᠤᠪᠠᠯ ᠦᠵᠡᠮᠤᠷᠢ ᠲᠠᠢ ᠮᠦᠷᠳᠡᠬᠡᠨ ᠪᠦᠬᠡ ᠪᠠᠶᠢᠳᠠᠭ᠃      ᠲᠠᠪᠬᠢᠨ ᠤ ᠤᠭᠤᠰᠤᠷ ᠤᠨ ᠨᠦᠬᠦᠭᠡ ᠦᠵᠤᠬᠦᠷ ᠢ ᠤᠯᠠᠪᠴᠢᠨ ᠤ ᠬᠦᠷᠢᠶ᠎ᠠ ᠳᠤ ᠰᠦᠬᠦᠮ ᠤᠷᠳᠤ ᠭᠤᠭᠴᠤᠭ᠎ᠠ ᠭᠠᠷᠭᠠᠨ ᠤᠶᠤᠵᠤ ᠪᠦᠭᠯᠡᠨ ᠤᠯᠠᠪᠴᠢᠨ ᠤ ᠡᠷᠬᠡᠶᠢᠪᠴᠢ ᠭᠡᠵᠤ ᠨᠡᠷᠡᠯᠡᠨ᠎ᠠ᠃ ᠬᠠᠪᠬ᠎ᠠ ᠵᠡᠬᠦᠬᠦ ᠳᠤ ᠤᠷᠢᠳ ᠢᠶᠠᠷ ᠵᠡᠬᠦᠬᠦ ᠭᠠᠵᠠᠷ ᠢᠶᠠᠨ ᠰᠤᠩᠭᠤᠨ ᠬᠠᠪᠬᠠᠨ ᠤ ᠪᠠᠨ ᠶᠡᠭᠡ ᠪᠠᠭ᠎ᠠ ᠶᠢᠨ ᠬᠡᠮᠵᠢᠶ᠎ᠠ ᠪᠠᠷ ᠭᠤᠷᠪᠠ ᠲᠦᠷᠪᠡᠨ ᠬᠤᠷᠤᠭᠤ ᠬᠦᠨ ᠨᠦᠬᠡ ᠮᠠᠯᠳᠠᠵᠤ᠂ ᠲᠤᠮᠳᠠ ᠨᠢ ᠵᠢᠭᠠᠬᠠᠨ ᠬᠤᠩᠬᠤᠢᠢᠯᠭᠠᠭᠠᠳ ᠤᠯᠠᠪᠴᠢ ᠪᠠᠨ ᠲᠠᠯᠪᠢᠨ᠎ᠠ᠃ ᠬᠠᠪᠬ᠎ᠠ ᠪᠠᠨ ᠬᠢᠰᠬᠢᠨ ᠠᠩᠭᠠᠢᠢᠯᠭᠠᠵᠤ ᠤᠯᠠᠪᠴᠢᠨ ᠲᠡᠭᠡᠷ᠎ᠠ ᠪᠠᠨ ᠬᠦᠨᠳᠡᠶᠢᠬᠡᠨ ᠲᠠᠯᠪᠢᠭᠠᠳ ᠲᠠᠪᠬᠢᠨ ᠤ ᠨᠠᠷᠢᠨ ᠬᠠᠪᠳᠠᠭᠠᠢ ᠦᠵᠤᠬᠦᠷ ᠢ ᠬᠠᠪᠬᠠᠨ ᠤ ᠲᠠᠪᠠᠭ ᠪᠠ ᠬᠤᠴᠠᠨ ᠤ ᠭᠠᠳᠠᠭᠤᠷ ᠲᠠᠪᠠᠭᠤᠯᠤᠨ ᠤᠯᠠᠪᠴᠢᠨ ᠤ ᠬᠦᠨᠳᠡᠯᠢ ᠳᠤ ᠮᠦᠴᠢᠳᠭᠡᠨ ᠲᠠᠪᠭᠡᠯᠡᠵᠤ᠂ ᠨᠦᠬᠦᠭᠡ ᠦᠵᠤᠬᠦᠷ ᠢ ᠨᠢ ᠡᠷᠬᠡᠶᠢᠪᠴᠢ ᠳᠤ ᠬᠦᠨᠳᠡᠶᠢᠭᠡᠨ ᠲᠡᠪᠡᠭᠡᠳᠡᠵᠤ ᠲᠤᠷᠭᠤᠨ᠎ᠠ᠃ ᠬᠠᠪᠬᠠᠨ ᠤ ᠨᠦᠬᠡ ᠶᠢ ᠬᠠᠪᠬᠠᠨ ᠤ ᠦᠯᠢ ᠭᠡᠳᠡᠭ᠃ ᠬᠠᠪᠬᠠᠨ ᠤ ᠦᠯᠢ ᠮᠠᠯᠳᠠᠬᠤ ᠳᠤ ᠭᠠᠷᠤᠭᠰᠠᠨ ᠰᠢᠷᠤᠢ ᠶᠢ ᠬᠤᠯᠠᠬᠠᠨ ᠬᠤᠷᠮᠦ᠋ᠢᠯᠠᠵᠤ ᠠᠪᠠᠴᠢᠨ ᠬᠠᠶᠠᠭᠠᠳ ᠤᠷᠤᠨ ᠳᠤᠨᠢ ᠰᠢᠨ᠎ᠠ ᠰᠢᠷᠤᠢ ᠠᠪᠴᠢᠷᠠᠵᠤ ᠬᠠᠪᠬ᠎ᠠ ᠪᠠᠨ ᠨᠢᠮᠭᠡᠭᠡᠨ ᠪᠤᠯᠠᠨ᠎ᠠ᠃ ᠬᠡᠳᠤᠷᠬᠡᠢ ᠵᠤᠵᠠᠭᠠᠨ ᠪᠤᠯᠠᠪᠠᠯ ᠬᠠᠪᠬ᠎ᠠ ᠪᠤᠰᠬᠤ ᠦᠭᠡᠢ᠂ ᠬᠡᠳᠦᠷᠭᠡᠢ ᠨᠢᠮᠭᠡᠨ ᠪᠤᠯᠠᠪᠠᠯ ᠰᠠᠯᠬᠢᠨ ᠳᠤ ᠬᠠᠪᠬ᠎ᠠ ᠬᠡᠷᠵᠡᠶᠢᠨ ᠭᠠᠷᠴᠤ ᠢᠷᠡᠨ᠎ᠠ᠃ ᠡᠶᠢᠮᠤ ᠠᠴᠠ ᠭᠠᠵᠠᠷ ᠤᠨ ᠪᠠᠶᠢᠴᠠ ᠰᠠᠯᠬᠢᠨ ᠤ ᠪᠠᠶᠢᠳᠠᠯ ᠳᠤ ᠵᠤᠬᠢᠴᠠᠭᠤᠯᠤᠨ ᠰᠢᠷᠤᠢ ᠦᠷᠤᠵᠤ ᠬᠠᠪᠬ᠎ᠠ ᠵᠡᠬᠦᠳᠡᠭ᠃ ᠬᠠᠪᠬ᠎ᠠ ᠶᠢ ᠬᠢᠰᠬᠢᠵᠤ ᠠᠩᠭᠠᠢᠢᠯᠭᠠᠬᠤ ᠳᠤ ᠲᠠᠪᠠᠭ ᠪᠠ ᠬᠤᠴᠠ ᠶᠢ ᠵᠠᠢ ᠵᠠᠪᠰᠠᠷ ᠦᠭᠡᠢ ᠰᠠᠶᠢᠬᠠᠨ ᠨᠡᠶᠢᠯᠡᠵᠤ ᠪᠠᠶᠢᠪᠠᠯ ︽ᠰᠠᠶᠢᠬᠠᠨ ᠬᠢᠷᠡᠳᠠᠬ ᠬᠠᠪᠬ᠎ᠠ︾ ᠭᠡᠵᠤ ᠨᠡᠷᠡᠯᠡᠨ᠎ᠠ᠃ ᠬᠤᠯᠠᠨ ᠤ ᠲᠤᠭᠤᠷᠠᠢ ᠨᠢ ᠲᠤᠮᠤ᠃ ᠶᠡᠷᠥ ᠶᠢᠨ ᠵᠡᠭᠡᠷ᠎ᠠ ᠬᠦᠷᠤᠭᠡᠰᠤᠨ ᠳᠤ ᠵᠡᠬᠦᠳᠡᠭ ᠬᠠᠪᠬᠠᠨ ᠤ ᠲᠠᠪᠬᠢᠨ ᠲᠡᠭᠡᠷ᠎ᠠ ᠨᠢ ᠬᠢᠰᠬᠢᠨ ᠬᠠᠪᠬ᠎ᠠ ᠶᠢ ᠨᠢ ᠪᠤᠰᠬᠠᠳᠠᠭ ᠦᠭᠡᠢ᠃ ᠬᠤᠯᠠᠨ ᠤ ᠬᠠᠪᠬ᠎ᠠ ᠶᠢᠨ ᠲᠠᠪᠬᠢ ᠶᠢ ᠪᠤᠭᠤᠨᠢ ᠵᠤᠷᠭᠤᠨ ᠬᠢᠮᠤᠰᠤ ᠭᠡᠵᠤ ᠨᠡᠷᠡᠯᠡᠨ᠎ᠠ᠃ ᠬᠤᠯᠠᠨ ᠤ ᠬᠠᠪᠬ᠎ᠠ ᠲᠤᠮᠤ᠃ ᠪᠠᠷᠤᠭ ᠤᠨ ᠬᠠᠪᠬ᠎ᠠ ᠬᠤᠯᠠᠨ ᠳᠤ ᠰᠡᠭᠰᠤᠷᠥᠭᠳᠡᠨ ᠬᠡᠷᠡᠭ ᠦᠭᠡᠢ ᠲᠡᠮᠤᠷ ᠪᠤᠯᠤᠨ᠎ᠠ᠃      ᠤᠰᠤᠨ ᠳᠤ ᠬᠠᠪᠬ᠎ᠠ ᠵᠡᠬᠦᠬᠦ ᠳᠤ ᠤᠷᠠᠳᠴᠤᠳ ᠠᠩ ᠬᠦᠷᠤᠭᠡ ᠬᠢᠬᠦ ᠳᠡᠭᠡᠨ ᠨᠢᠳᠤ ᠤᠯᠠᠶᠢᠷᠠᠨ ᠤᠯᠠᠨ ᠲᠤᠭ᠎ᠠ ᠪᠠᠷ ᠠᠯᠠᠵᠤ ᠬᠢᠳᠤᠬᠤ ᠶᠢ ᠴᠡᠭᠡᠷᠯᠡᠵᠤ᠂ ᠠᠩ ᠠᠮᠢᠳᠠᠨ ᠤ ᠦᠷ᠎ᠠ ᠲᠦᠯ ᠤᠨ ᠴᠠᠭ᠂ ᠬᠦᠬᠦᠯ ᠤᠨ ᠬᠤᠭᠤᠴᠠᠭ᠎ᠠ ᠪᠤᠶᠤ ᠡᠴᠡᠩᠬᠡᠢ ᠲᠤᠷᠠᠩᠬᠠᠢ᠂ ᠦᠰᠤ ᠨᠤᠥᠰᠤ ᠨᠢ ᠤᠷᠭᠤᠵᠤ ᠭᠤᠤᠵᠢᠭ᠎ᠠ ᠦᠭᠡᠢ ᠦᠶ᠎ᠠ ᠳᠤ ᠠᠪᠠᠯᠠᠬᠤ ᠶᠢ ᠤᠨᠴᠠ ᠴᠡᠭᠡᠷᠯᠡᠳᠡᠭ᠃ ᠡᠩ ᠤᠨ ᠬᠤᠭᠤᠴᠠᠭ᠎ᠠ ᠶᠡᠷᠤᠩᠬᠡᠢ ᠳᠡᠭᠡᠨ ᠶᠢᠰᠤᠨ ᠰᠠᠷ᠎ᠠ ᠠᠴᠠ ᠠᠷᠪᠠᠨ ᠨᠢᠭᠡᠨ ᠰᠠᠷ᠎ᠠ ᠶᠢᠨ ᠰᠡᠬᠦᠯᠴᠢ ᠬᠦᠷᠳᠡᠯ᠎ᠠ ᠦᠷᠬᠦᠯᠵᠢᠯᠡᠨ᠎ᠠ᠃ ᠨᠠᠮᠤᠷ ᠤᠨ ᠰᠡᠬᠦᠯᠴᠢ ᠪᠠᠷ ᠡᠪᠡᠰᠤ ᠨᠤᠭᠤᠭ᠎ᠠ ᠬᠠᠳᠠᠵᠤ᠂ ᠵᠡᠭᠡᠷ᠎ᠠ᠂ ᠬᠤᠯᠠᠨ᠂ ᠠᠷᠭᠠᠯᠢ᠂ ᠴᠢᠨ᠋ᠸ᠎ᠠ᠂ ᠦᠨᠡᠭᠡ ᠵᠡᠷᠭᠡ ᠠᠷᠢᠶᠠᠳᠠᠨ ᠬᠦᠷᠤᠭᠡᠰᠤ ᠪᠤᠯᠠᠭ ᠱᠠᠩᠳᠠ ᠪᠠᠷᠠᠳᠠᠵᠤ ᠤᠰᠤ ᠤᠥᠭᠤᠬᠤ ᠪᠤᠯᠤᠨ᠎ᠠ᠃ ᠡ᠊ᠨᠠ ᠦᠶ᠎ᠠ ᠳᠤ ᠠᠩᠴᠢᠳ ᠪᠤᠯᠠᠭ ᠱᠠᠩᠳᠠ ᠶᠢᠨ ᠬᠠᠪᠢ ᠪᠠᠷ ᠬᠠᠪᠬ᠎ᠠ ᠵᠡᠬᠦᠨ᠎ᠠ᠃ ᠪᠤᠯᠠᠭ ᠱᠠᠩᠳᠠᠨ ᠳᠤ ᠵᠡᠭᠡᠷ᠎ᠠ ᠬᠦᠷᠤᠭᠡᠰᠤ ᠶᠢᠨ ᠲᠦᠯ ᠨᠢ ᠤᠷᠢᠳᠴᠤ ᠤᠴᠢᠳᠠᠭ᠃ ᠬᠠᠪᠬ᠎ᠠ ᠶᠢ ᠪᠤᠯᠠᠭ ᠱᠠᠩᠳᠠᠨ ᠳᠤ ᠲᠤᠯᠭᠠᠵᠤ ᠵᠡᠬᠦᠪᠡᠯ ᠢᠨᠵᠠᠭ᠎ᠠ᠂ ᠬᠤᠷᠠᠭ᠎ᠠ ᠵᠡᠷᠭᠡ ᠲᠦᠯ ᠨᠢ ᠶᠠᠭᠤᠨ ᠤ ᠡᠮᠤᠨ᠎ᠠ ᠬᠠᠪᠬᠠᠨ ᠳᠤ ᠤᠨᠠᠨ᠎ᠠ᠃ ᠡᠶᠢᠮᠤ ᠠᠴᠠ ᠲᠤᠷᠰᠢᠯᠭ᠎ᠠ ᠲᠠᠢ ᠬᠦᠷᠤᠭᠡᠴᠢᠨ ᠤᠰᠤᠨ ᠠᠴᠠ ᠬᠤᠯᠠᠬᠠᠨ ᠦᠨᠳᠦᠷᠯᠢᠭ ᠭᠠᠵᠠᠷ ᠪᠤᠶᠤ ᠵᠡᠭᠡᠷ᠎ᠠ ᠬᠦᠷᠤᠭᠡᠰᠤ ᠡᠷᠬᠢᠴᠡᠵᠤ ᠲᠤᠭᠤᠷᠢᠵᠤ ᠪᠤᠯᠤᠮᠠᠷ ᠡᠪᠳᠡᠶᠢᠬᠡᠨ ᠭᠠᠵᠠᠷ ᠰᠤᠩᠭᠤᠵᠤ ᠬᠠᠪᠬ᠎ᠠ ᠵᠡᠬᠦᠪᠡᠯ ᠪᠦᠳᠤᠬᠦᠨ ᠲᠠᠷᠭᠤᠨ ᠤᠭᠤᠨᠤ᠂ ᠰᠤᠪᠠᠢ ᠰᠢᠷᠠᠭᠴᠢᠨ ᠪᠠᠷᠢᠨ᠎ᠠ᠃ ᠬᠠᠪᠬ᠎ᠠ ᠪᠠᠨ ᠴᠡᠪᠡᠷᠬᠡᠨ ᠰᠠᠶᠢᠬᠠᠨ ᠵᠡᠬᠦᠵᠤ ᠴᠢᠳᠠᠪᠠᠯ ᠪᠤᠯᠠᠭ ᠱᠠᠩᠳᠠᠨ ᠤ ᠦᠢᠷᠠᠯᠴᠠᠭ᠎ᠠ ᠠᠴᠠ ᠦᠨᠡᠭᠡ᠂ ᠴᠢᠨ᠋ᠸ᠎ᠡ ᠵᠡᠷᠭᠡ ᠠᠷᠢᠶᠠᠳᠠᠨ ᠠᠮᠢᠳᠠᠨ ᠢ ᠪᠠᠷᠢᠵᠤ ᠪᠤᠯᠳᠠᠭ᠃ ᠠᠷᠭᠠᠯᠢ᠂ ᠵᠡᠭᠡᠷ᠎ᠠ ᠶᠢᠨ ᠶᠠᠪᠤᠴᠠ ᠨᠢ ᠠᠳᠠᠯᠢᠬᠠᠨ ᠪᠠᠶᠢᠵᠤ ᠬᠠᠪᠬ᠎ᠠ ᠵᠡᠬᠦᠬᠦ ᠠᠷᠭ᠎ᠠ ᠲᠠᠮ ᠨᠢ ᠶᠡᠭᠡ ᠲᠦᠯᠥᠪ ᠠᠳᠠᠯᠢ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号