ᠬᠦᠷᠦ ᠲᠠᠭᠤᠤ ᠶᠢᠨ ᠤᠯᠠᠮᠵᠢᠯᠠᠯ ᠪᠠ ᠬᠦᠭᠵᠢᠯᠲᠡ
ᠨᠡᠶᠢᠲᠡᠯᠡᠭᠰᠡᠨ ᠴᠠᠭ᠄
2023/8/21
     ᠲᠡᠭᠷᠢ ᠶᠢᠨ ᠭᠡᠬᠦᠦ ᠶᠢᠨ ᠤᠨᠠᠭ᠎ᠠ      ᠲᠡᠯᠮᠡᠨ ᠵᠢᠷᠤᠭ᠎ᠠ ᠪᠠᠶᠢᠳᠠᠭ ᠶᠤᠮ ᠳ᠋ᠤᠤ      ᠲᠡᠷᠢᠭᠦᠨ ᠰᠠᠷ᠎ᠠ ᠶᠢᠨ ᠰᠢᠨ᠎ᠠ ᠳᠤ      ᠤᠨᠤᠶ᠎ᠠ ᠭᠡᠰᠡᠨ ᠮᠤᠷᠢ ᠯᠠ ᠮᠢᠨᠢ᠃      ᠰᠠᠶᠢᠪᠤᠷ ᠬᠦᠷᠠᠩ ᠲᠠᠷᠭᠤᠨ ᠯᠠ ᠪᠠᠶᠢᠨ᠎ᠠ      ᠰᠠᠨᠠᠭᠰᠠᠨ ᠭᠠᠵᠠᠷ ᠬᠤᠯᠠ ᠯᠠ ᠪᠠᠶᠢᠨ᠎ᠠ      ᠰᠠᠨᠠᠭ᠎ᠠ ᠶᠤᠭᠠᠨ ᠲᠤᠭᠳᠠᠭᠤᠨ      ᠲᠤᠭᠳᠠᠭᠤᠨ ᠰᠠᠭᠤᠵᠦ ᠯᠠ ᠨᠠᠶᠢᠷᠯᠠᠵᠠᠭᠠᠶ᠎ᠠ᠃      ᠰᠠᠶᠢᠨ ᠴᠤ ᠭᠡᠭᠦᠦ ᠶᠢᠨ ᠤᠨᠠᠭ᠎ᠠ        ᠰᠠᠶᠢᠪᠤᠷ ᠪᠦᠭᠡᠳ ᠵᠢᠷᠤᠭ᠎ᠠ ᠲᠠᠢ      ᠰᠠᠶᠢᠨ ᠴᠤ ᠬᠦᠮᠦᠨ ᠤ ᠦᠷ᠎ᠠ ᠨᠢ      ᠰᠠᠶᠢᠨ ᠪᠦᠭᠡᠳ ᠭᠡᠷᠰᠡᠤ ᠶᠤᠮ ᠡ ᠭᠡᠮᠡᠬᠦ ︽ᠲᠡᠭᠷᠢ ᠶᠢᠨ ᠭᠡᠭᠦᠦ ᠶᠢᠨ ᠤᠨᠠᠭ᠎ᠠ︾ ᠭᠡᠰᠡᠨ ᠬᠦᠷᠦ ᠲᠠᠭᠤᠤ ᠶᠢᠨ ᠰᠢᠷᠤᠩᠬᠠᠢ ᠡᠭᠡᠭᠰᠢᠭᠯᠡᠯ ᠳᠤ ᠬᠦᠮᠦᠨ ᠠᠷᠠᠳ ᠤᠨ ᠰᠡᠳᠭᠢᠯ ᠤᠶᠠᠷᠠᠵᠦ ᠪᠠᠶᠢᠳᠠᠭ᠃ ᠬᠦᠷᠦ ᠲᠠᠭᠤᠤ ᠶᠡᠷᠦ ᠠᠴᠠ ᠨᠢ ᠡᠪᠬᠡᠷᠡᠭᠦᠨ ᠴᠡᠭᠡᠯᠭᠡᠨ ᠡᠭᠡᠰᠢᠭ᠂ ᠠᠭᠤᠵᠢᠮ ᠲᠠᠭᠠᠲᠠᠢ ᠬᠦᠭ ᠠᠶᠠᠰ ᠢᠶᠠᠷ ᠨᠢ ᠦᠪᠡᠷ ᠪᠤᠰᠤᠳ ᠠᠴᠠ ᠤᠨᠴᠠᠯᠢᠭᠳᠠᠵᠦ᠂ ᠲᠦᠷᠦ ᠬᠦᠷᠦᠨ᠂ ᠬᠦᠮᠦᠨ ᠠᠷᠠᠳ ᠤᠨ ᠢᠶᠠᠨ ᠲᠡᠤᠬᠡ ᠰᠤᠶᠤᠯ᠂ ᠵᠠᠩ ᠵᠠᠩᠰᠢᠯ᠂ ᠶᠤᠰᠤ ᠰᠤᠷᠳᠠᠬᠤᠨ ᠵᠢᠴᠢ ᠤᠷᠠᠯᠢᠭ ᠤᠨ ᠤᠢ ᠮᠡᠳᠡᠷᠡᠮᠵᠢ ᠶᠢ ᠬᠠᠷᠠᠭᠤᠯᠵᠦ ᠪᠠᠶᠢᠳᠠᠭ᠃ ᠨᠦᠮᠵᠦᠭ ᠪᠤᠶᠠᠨᠳᠤ ᠬᠠᠩᠭᠢᠨ ᠨᠤᠳᠤᠭ ᠲᠤ ᠦᠨᠳᠤᠰᠤᠯᠡᠭᠰᠡᠨ ᠡᠨᠡ ᠬᠦ ᠤᠷᠠᠯᠢᠭ ᠤᠨ ᠬᠡᠯᠪᠡᠷᠢ ᠨᠢ ᠬᠠᠩᠭᠢᠨᠴᠤᠳ ᠤᠨ ᠵᠠᠭᠤᠨ ᠵᠠᠭᠤᠨ ᠤ ᠤᠯᠠᠮᠵᠢᠯᠠᠯ ᠪᠤᠯᠤᠨ ᠬᠠᠮᠠᠭᠠᠯᠠᠯᠲᠠ ᠪᠠᠷ ᠦᠨᠦ ᠬᠦᠷᠳᠡᠯ᠎ᠠ ᠤᠭ ᠲᠦᠷᠭᠦ ᠪᠠᠷ ᠨᠢ ᠰᠡᠭᠦ᠋ᠢᠨ ᠰᠦᠡᠳᠡᠷᠯᠡᠭᠰᠡᠭᠡᠷ ᠪᠠᠶᠢᠭ᠎ᠠ ᠨᠢ ᠪᠠᠭ᠋ᠠᠷᠤᠭᠤᠰᠢᠲᠠᠢ᠃      ᠬᠦᠷᠦ ᠲᠠᠭᠤᠤ ᠶᠢᠨ ᠢᠷᠡᠯᠲᠡ ᠬᠢᠭᠡᠳ ᠠᠭᠤᠯᠤᠭᠳᠠᠬᠤᠨ᠄      ᠬᠠᠩᠭᠢᠨ ᠬᠦᠷᠦ ᠲᠠᠭᠤᠤ ᠨᠢ ᠮᠤᠩᠭᠤᠯ ᠦᠨᠳᠤᠰᠤᠳᠡᠨ ᠤ ᠤᠷᠳᠤᠨ ᠤ ᠲᠠᠭᠤᠤ ᠬᠦᠭᠵᠢᠮ ᠠᠴᠠ ᠡᠭᠦᠰᠤᠯ ᠲᠠᠢ ᠪᠠᠶᠢᠵᠦ᠂ ᠤᠳᠤ ᠬᠦᠷᠳᠡᠯ᠎ᠠ ᠤᠤᠭᠠᠯ ᠬᠡᠪ ᠨᠠᠮᠪᠠ ᠪᠠᠷ ᠢᠶᠠᠨ ᠲᠠᠭᠤᠯᠠᠭᠳᠠᠨ ᠤᠯᠠᠮᠵᠢᠯᠠᠭᠳᠠᠵᠦ ᠢᠷᠡᠵᠠᠢ᠃ ︽ᠬᠦᠷᠦ︾ ᠭᠡᠳᠡᠭ ᠨᠢ ︽ᠲᠦᠷᠦ ᠬᠦᠷᠦᠨ︾ ︽ᠲᠦᠷᠦ ᠵᠠᠰᠠᠭ︾ ᠭᠡᠰᠡᠨ ᠤᠳᠬ᠎ᠠ ᠲᠠᠢ ᠪᠠᠶᠢᠵᠦ᠂ ᠬᠠᠩᠭᠢᠨ ᠬᠦᠷᠦ ᠲᠠᠭᠤᠤ ᠨᠢ ᠶᠤᠸᠠᠨ ᠤᠯᠤᠰ ᠤᠨ ᠦᠶ᠎ᠠ ᠶᠢᠨ ᠤᠷᠳᠤᠨ ᠤ ᠶᠤᠰᠤᠯᠠᠯ ᠤᠨ ᠲᠠᠭᠤᠤ ᠬᠦᠭᠵᠢᠮ ᠤᠨ ᠦᠪᠡᠷᠮᠢᠴᠡ ᠤᠨᠴᠠᠯᠢᠭ ᠢ ᠪᠦᠷᠢᠨ ᠬᠠᠳᠠᠭᠠᠯᠠᠵᠦ᠂ ︽ᠮᠤᠩᠭᠤᠯ ᠦᠨᠳᠤᠰᠤᠳᠡᠨ ᠤ ᠡᠷᠳᠡᠨ ᠤ ᠲᠠᠭᠤᠤ ᠬᠦᠭᠵᠢᠮ ᠤᠨ ᠠᠮᠢᠳᠤ ᠴᠢᠯᠠᠭᠤᠵᠢᠮᠠᠯ︾ ᠭᠡᠭᠳᠡᠵᠦ᠂ 2008 ᠤᠨ ᠳᠤ ᠤᠯᠤᠰ ᠤᠨ ᠬᠤᠶᠠᠳᠠᠬᠢ ᠪᠦᠯᠦᠭ ᠤᠨ ᠪᠤᠲᠠᠰ ᠤᠨ ᠪᠤᠰᠤ ᠰᠤᠶᠤᠯ ᠤᠨ ᠦᠪ ᠢᠶᠠᠷ ᠲᠠᠮᠳᠡᠭᠯᠡᠭᠳᠠᠵᠠᠢ᠃ ᠬᠠᠩᠭᠢᠨ ᠬᠦᠷᠦ ᠲᠠᠭᠤᠤ ᠨᠢ ᠦᠪᠡᠷ ᠤᠨ ᠭᠡᠬᠦ ᠬᠡᠪ ᠨᠠᠮᠪᠠ ᠲᠠᠢ ᠪᠠᠶᠢᠵᠦ᠂ ᠲᠦᠪ ᠡᠷᠬᠢᠮᠰᠦᠭ᠂ ᠲᠠᠭᠤᠯᠠᠬᠤ ᠲᠤᠭᠳᠠᠭᠰᠠᠨ ᠶᠤᠰᠤ ᠭᠤᠷᠢᠮ ᠲᠠᠢ ᠪᠠᠶᠢᠳᠠᠭ᠃ ᠲᠠᠭᠤᠤ ᠶᠢᠨ ᠦᠭᠡ ᠨᠢ ᠭᠤᠤᠯᠳᠠᠭᠤ ᠲᠦᠷᠦ ᠬᠦᠷᠦᠨ ᠢᠶᠠᠨ ᠮᠠᠭᠳᠠᠬᠤ᠂ ᠲᠦᠷᠦ ᠶᠢᠨ ᠨᠤᠶᠠᠳ ᠢᠶᠠᠨ ᠰᠠᠨᠠᠭᠤᠯᠵᠦ ᠰᠤᠷᠭᠠᠬᠤ᠂ ᠠᠪᠤ ᠡᠵᠢ ᠶᠢᠨ ᠡᠨᠡᠷᠢᠯ ᠬᠠᠶᠢᠷ᠎ᠠ ᠶᠢ ᠮᠠᠭᠳᠠᠵᠦ ᠲᠠᠭᠤᠯᠠᠬᠤ ᠪᠠ ᠠᠴᠢ ᠲᠤᠰᠠ ᠶᠢ ᠨᠢ ᠬᠠᠷᠢᠭᠤᠯᠬᠤ ᠶᠢ ᠠᠴᠢᠷ ᠬᠡᠤᠬᠡᠳ ᠲᠡᠭᠡᠨ ᠰᠤᠷᠭᠠᠵᠦ ᠰᠠᠨᠠᠭᠤᠯᠬᠤ᠂ ᠮᠤᠩᠭᠤᠯᠴᠤᠳ ᠤᠨ ᠨᠠᠶᠢᠷ ᠬᠤᠷᠢᠮ ᠤᠨ ᠶᠤᠰᠤ ᠵᠠᠩᠰᠢᠯ᠂ ᠲᠠᠯ᠎ᠠ ᠨᠤᠳᠤᠭ᠂ ᠲᠠᠪᠤᠨ ᠬᠤᠰᠢᠭᠤ ᠮᠠᠯ ᠢᠶᠠᠨ ᠮᠠᠭᠳᠠᠨ ᠳᠠᠭᠤᠯᠠᠬᠤ ᠵᠡᠷᠭᠡ ᠠᠭᠤᠯᠭ᠎ᠠ ᠶᠢ ᠬᠠᠮᠦᠷᠴᠤ ᠪᠠᠶᠢᠳᠠᠭ᠃ ᠬᠦᠷᠦ ᠲᠠᠭᠤᠤ ᠶᠢ ᠲᠠᠭᠤᠯᠠᠬᠤ ᠳᠠᠭᠠᠨ ᠲᠤᠰᠬᠠᠢ ᠲᠦᠷᠢᠯᠭᠡ ᠪᠠᠷ ᠡᠬᠢᠯᠡᠭᠦᠯᠵᠦ᠂ ᠭᠤᠷᠪᠠᠨ ᠡᠬᠢᠳᠤ ᠲᠠᠭᠤᠤ ᠪᠠᠷ ᠦᠷᠭᠦᠯᠵᠢᠯᠡᠭᠦᠯᠦᠨ᠂ ᠬᠦᠭᠵᠢᠮ ᠤᠨ ᠬᠠᠪᠰᠤᠷᠤᠯ ᠦᠭᠡᠢ ᠪᠠᠷ ᠬᠠᠮᠳᠤ ᠪᠠᠷ ᠲᠠᠭᠤᠯᠠᠳᠠᠭ᠃ ᠲᠡᠷᠡᠴᠢᠯᠡᠨ ᠬᠦᠷᠦ ᠲᠠᠭᠤᠤ ᠶᠢ ᠬᠦᠮᠦᠰ ᠭᠠᠷᠤᠨ ᠤᠷᠤᠨ ᠭᠢᠩᠰᠢᠳᠡᠭ ᠦᠭᠡᠢ᠂ ᠵᠠᠪᠠᠯ ᠲᠦᠪ ᠶᠡᠬᠡᠮᠰᠦᠭ ᠭᠠᠵᠠᠷ ᠲᠦᠪᠯᠡᠭᠦᠨ ᠬᠤᠪᠴᠠᠰᠤᠯᠠᠵᠦ᠂ ᠶᠤᠰᠤ ᠭᠤᠷᠢᠮ ᠲᠠᠢ ᠲᠠᠭᠤᠯᠠᠳᠠᠭ ᠵᠤᠷᠰᠢᠯ ᠲᠠᠢ ᠶᠤᠮ᠃ ᠬᠦᠷᠦ ᠲᠠᠭᠤᠤ ᠶᠢᠨ ᠲᠠᠷᠬᠠᠨ ᠤᠯᠠᠮᠵᠢᠯᠠᠭᠴᠢ ᠪᠤᠯᠬᠤ ᠬᠦᠷᠦᠪᠠᠨᠽᠡᠷ ᠠᠴᠠ᠄ ︽ᠬᠠᠩᠭᠢᠨ ᠤ ᠬᠦᠷᠦ ᠲᠠᠭᠤᠤ ᠪᠤᠯ ᠬᠠᠩᠭᠢᠨ ᠳᠤ ᠵᠤᠬᠢᠶᠠᠭᠳᠠᠭᠰᠠᠨ ᠪᠢᠰᠢ᠂ ᠭᠠᠵᠠᠷ ᠭᠠᠵᠠᠷ ᠤᠨ ᠲᠦᠷᠦ ᠶᠢᠨ ᠲᠠᠭᠤᠤ ᠶᠢ ᠬᠠᠩᠭᠢᠨ ᠳᠤ ᠠᠪᠴᠢᠷᠠᠵᠦ ᠦᠯᠡᠳᠡᠭᠡᠭᠰᠡᠨ ᠠᠴᠠ ᠵᠠᠭᠤ ᠭᠠᠷᠤᠢ ᠪᠤᠯᠤᠭᠰᠠᠨ᠂ ᠤᠯᠠᠨ ᠭᠠᠵᠠᠷ ᠠᠴᠠ ᠢᠷᠡᠯᠲᠠ ᠲᠠᠢ︾ ᠭᠡᠮᠡᠨ ᠤᠴᠢᠷᠯᠠᠨ᠎ᠠ᠃      ᠬᠠᠩᠭᠢᠨ ᠬᠦᠷᠦ ᠲᠠᠭᠤᠤ ᠨᠢ ᠲᠠᠭᠤᠤ ᠬᠦᠭᠵᠢᠮ ᠤᠨ ᠰᠤᠳᠤᠯᠤᠯ᠂ ᠤᠳᠬ᠎ᠠ ᠤᠷᠠᠯᠢᠭ ᠤᠨ ᠰᠤᠳᠤᠯᠤᠯ᠂ ᠲᠡᠤᠬᠡ ᠵᠠᠩ ᠦᠢᠯᠡ ᠶᠢᠨ ᠰᠤᠳᠤᠯᠤᠯ᠂ ᠤᠭᠰᠠᠭᠠᠲᠠᠨ ᠵᠦᠢ ᠵᠡᠷᠭᠡ ᠰᠤᠳᠤᠯᠭᠠᠨ ᠤ ᠦᠨ᠎ᠠ ᠦᠷᠳᠡᠭ ᠲᠠᠢ ᠪᠠᠶᠢᠵᠦ᠂ ᠮᠤᠩᠭᠤᠯ ᠦᠨᠳᠤᠰᠤᠳᠡᠨ ᠤ ᠰᠤᠶᠤᠯ ᠤᠨ ᠭᠠᠶᠢᠬᠠᠮᠰᠢᠭ ᠭᠡᠭᠳᠡᠭᠰᠡᠨ ᠪᠠᠶᠢᠨ᠎ᠠ᠃      ᠬᠦᠷᠦ ᠲᠠᠭᠤᠤ ᠶᠢ ᠠᠪᠤᠷᠠᠨ ᠬᠠᠮᠠᠭᠠᠯᠠᠬᠤ ᠠᠶᠠᠨ᠄              ᠡᠷᠳᠡ ᠢᠵᠠᠭᠤᠷ ᠠᠴᠠ ᠡᠳᠦᠭᠡ ᠬᠦᠷᠳᠡᠯ᠎ᠠ ᠬᠦᠷᠦ ᠲᠠᠭᠤᠤ ᠨᠢᠭᠡ ᠪᠦᠷᠢ ᠶᠢᠨ ᠴᠠᠭᠠᠨ᠎ᠠ ᠨᠢ ᠦᠯᠢᠭᠡᠷ ᠲᠡᠤᠬᠡ ᠤᠴᠢᠷᠯᠡᠵᠦ᠂ ᠲᠡᠷᠡ ᠨᠢ ᠭᠠᠭᠴᠠ ᠬᠦ ᠲᠠᠭᠤᠤ ᠬᠦᠭᠵᠢᠮ ᠲᠡᠳᠤᠢ ᠪᠢᠰᠢ᠂ ᠪᠠᠰᠠ ᠰᠤᠶᠤᠯ ᠲᠡᠤᠬᠡ ᠶᠢᠨ ᠠᠴᠢᠶᠠᠯᠠᠪᠤᠷᠢ ᠪᠠᠶᠢᠵᠦ᠂ ᠦᠶ᠎ᠠ ᠶᠢᠨ ᠦᠶ᠎ᠠ ᠳᠤ ᠬᠠᠩᠭᠢᠨᠴᠤᠳ ᠤᠨ ᠦᠵᠡᠯ ᠰᠠᠨᠠᠭ᠎ᠠ ᠶᠢ ᠨᠦᠯᠦᠭᠡᠯᠡᠵᠦ᠂ ᠲᠠᠳᠠ ᠨᠠᠷ ᠢ ᠵᠤᠷᠢᠭᠵᠢᠭᠤᠯᠵᠦ ᠤᠶᠠᠷᠠᠭᠤᠯᠵᠦ ᠪᠠᠶᠢᠳᠠᠭ᠃      ᠬᠠᠷᠢᠨ ᠲᠡᠭᠡᠷ᠎ᠠ ᠵᠠᠭᠤᠨ ᠤ ᠲᠠᠯᠠ ᠨᠠᠶᠠᠭᠠᠳ ᠤᠨ ᠠᠴᠠ ᠡᠬᠢᠯᠡᠨ ᠡᠨᠡ ᠬᠦ ᠢᠵᠠᠭᠤᠷ ᠡᠷᠳᠡᠨ ᠤ ᠰᠤᠩᠭᠤᠳᠠᠭ ᠤᠷᠠᠯᠢᠭ ᠪᠤᠯᠬᠤ ᠬᠦᠷᠦ ᠲᠠᠭᠤᠤ ᠶᠢ ᠲᠠᠭᠤᠯᠠᠵᠦ ᠴᠢᠳᠠᠳᠠᠭ ᠬᠦᠮᠦᠰ ᠡᠳᠤᠷ ᠠᠴᠠ ᠡᠳᠤᠷ ᠴᠦᠭᠡᠷᠡᠵᠦ᠂ ᠤᠷᠠᠯᠢᠭ ᠤᠨ ᠲᠠᠯᠠᠰᠳᠤ ᠮᠠᠨᠢ ᠭᠡᠭᠡᠭᠳᠡᠵᠦ ᠠᠯᠳᠠᠭᠳᠠᠬᠤ ᠠᠶᠤᠯ ᠳᠤ ᠲᠤᠯᠭᠠᠷᠠᠭᠰᠠᠨ ᠪᠠᠶᠢᠯ᠎ᠠ᠃ ᠡᠶᠢᠨ ᠬᠦ ᠬᠠᠩᠭᠢᠨ ᠬᠤᠰᠢᠭᠤᠨ ᠤ ᠶᠡᠬᠡᠨ᠋ᠤᠰᠤ ᠰᠤᠮᠦ ᠪᠠᠷ ᠨᠤᠲᠤᠭᠲᠠᠢ ᠠᠬᠠᠮᠠᠳ ᠤᠷᠠᠯᠢᠭᠴᠢᠨ ᠬᠦᠷᠦᠪᠠᠨᠽᠠᠷ 1979 ᠤᠨ ᠠᠴᠠ ᠡᠬᠢᠯᠡᠨ ᠤᠷᠳᠤᠰ ᠤᠨ ᠬᠦᠷᠦ ᠲᠠᠭᠤᠤ ᠶᠢ ᠬᠢᠮᠠᠭᠠᠲᠠᠨ ᠠᠪᠤᠷᠠᠵᠦ ᠡᠮᠬᠢᠳᠭᠡᠨ ᠴᠤᠭᠯᠠᠭᠤᠯᠬᠤ ᠠᠵᠢᠯ ᠢᠶᠠᠨ ᠡᠬᠢᠯᠡᠭᠦᠯᠦᠭᠰᠡᠨ ᠪᠢᠯᠡ᠃1985 ᠤᠨ ᠳᠤ ᠲᠡᠷᠡ ᠪᠠᠷ ᠠᠵᠢᠯ ᠤᠨ ᠢᠶᠠᠨ ᠪᠠᠶᠢᠳᠠᠯ ᠲᠠᠢ ᠪᠠᠨ ᠵᠤᠬᠢᠴᠠᠭᠤᠯᠤᠨ ᠲᠤᠰᠬᠠᠢᠢᠯᠠᠨ ᠬᠦᠷᠦ ᠲᠠᠭᠤᠤ ᠶᠢ ᠡᠮᠬᠢᠳᠭᠡᠨ ᠴᠤᠭᠯᠠᠭᠤᠯᠬᠤ ᠠᠵᠢᠯ ᠢ ᠡᠷᠴᠢᠮᠲᠠᠢ ᠶᠠᠪᠤᠭᠳᠠᠭᠤᠯᠵᠦ᠂ ᠤᠷᠢᠳ ᠬᠤᠵᠢᠳ ᠬᠡᠳᠤᠨ ᠰᠠᠷ᠎ᠠ ᠶᠢᠨ ᠴᠠᠭ ᠢ ᠵᠠᠷᠤᠴᠠᠭᠤᠯᠤᠨ ᠬᠦᠷᠦ ᠲᠠᠭᠤᠤ ᠶᠢ ᠰᠠᠶᠢᠨ ᠮᠡᠳᠡᠳᠡᠭ ᠨᠠᠰᠤᠲᠠᠨ ᠪᠤᠭᠤᠷᠤᠯᠴᠤᠳ ᠠᠴᠠ ᠠᠰᠠᠭᠤᠵᠦ ᠰᠤᠷᠠᠵᠦ᠂ ᠰᠤᠷᠪᠤᠯᠵᠢᠯᠠᠭ᠎ᠠ ᠬᠢᠭᠡᠳ 43 ᠬᠠᠩᠭᠢᠨ ᠬᠦᠷᠦ ᠲᠠᠭᠤᠤ ᠶᠢ ᠰᠢᠩᠭᠡᠭᠡᠨ ᠠᠪᠴᠤ᠂ ᠤᠤᠯ ᠤᠨ ᠦᠯᠡᠳᠡᠭᠳᠡᠵᠦ ᠪᠠᠶᠢᠭᠰᠠᠨ ᠬᠦᠷᠦ ᠲᠠᠭᠤᠤ ᠲᠠᠢ ᠨᠡᠶᠢᠯᠡᠭᠦᠯᠦᠨ ᠨᠡᠶᠢᠳᠡ 90 ᠭᠠᠷᠤᠢ ᠬᠦᠷᠦ ᠲᠠᠭᠤᠤ ᠪᠤᠯᠭᠠᠨ ᠡᠮᠬᠢᠳᠭᠡᠵᠠᠢ᠃      2018 ᠤᠨ ᠳᠤ ᠬᠦᠷᠦ ᠲᠠᠭᠤᠤ ᠶᠢᠨ ᠰᠤᠳᠤᠯᠭᠠᠨ ᠤ ᠨᠡᠶᠢᠬᠡᠮᠯᠢᠭ ᠤᠨ ᠬᠤᠭᠤᠴᠠᠭ᠎ᠠ ᠰᠤᠯᠢᠬᠤ ᠰᠤᠩᠭᠤᠭᠤᠯᠢ ᠪᠠᠷ ᠲᠡᠮᠵᠢᠨ ᠲᠤᠰ ᠨᠡᠶᠢᠬᠡᠮᠯᠢᠭ ᠤᠨ ᠲᠠᠷᠢᠭᠦᠯᠡᠭᠴᠢ ᠪᠤᠯᠤᠭᠰᠠᠨ ᠤᠯᠤᠰ ᠤᠨ ᠲᠡᠰ ᠤᠨ ᠪᠤᠲᠠᠰ ᠤᠨ ᠪᠤᠰᠤ ᠰᠤᠶᠤᠯ ᠤᠨ ᠦᠪ ᠤᠷᠳᠤᠰ ᠬᠤᠷᠢᠮ ᠤᠨ ᠲᠠᠷᠬᠠᠨ ᠬᠤᠨᠵᠢᠨ ᠪᠤᠯᠬᠤ ᠴᠢ᠊· ᠮᠦᠷᠡᠨ ᠠᠴᠠ ᠪᠢᠳᠠᠨ ᠳᠤ᠄ ︽2009 ᠤᠨ ᠳᠤ ᠬᠦᠷᠦᠪᠠᠨᠽᠠᠷ ᠪᠠᠭᠰᠢ ᠠᠴᠠ ᠬᠦᠷᠦ ᠲᠠᠭᠤᠤ ᠶᠢᠨ ᠰᠤᠳᠤᠯᠭᠠᠨ ᠤ ᠨᠡᠶᠢᠬᠡᠮᠯᠢᠭ ᠢ ᠰᠠᠨᠠᠭᠠᠴᠢᠯᠠᠨ ᠪᠠᠶᠢᠭᠤᠯᠤᠭᠰᠠᠨ ᠠᠴᠠ ᠤᠳᠤ ᠬᠦᠷᠳᠡᠯ᠎ᠠ ᠮᠠᠨ ᠤ ᠨᠡᠶᠢᠬᠡᠮᠯᠢᠭ ᠲᠤ ᠨᠢᠭᠡᠨᠲᠡ ᠮᠢᠩᠭ᠎ᠠ ᠢᠯᠡᠭᠦᠦ ᠭᠡᠰᠢᠭᠦᠨ ᠲᠠᠢ ᠪᠤᠯᠵᠦ᠂ ᠠᠩᠬᠠᠨ ᠳᠠᠭᠠᠨ ᠬᠦᠷᠦ ᠲᠠᠭᠤᠤ ᠶᠢ ᠤᠯᠠᠮᠵᠢᠯᠠᠨ ᠵᠠᠯᠭᠠᠮᠵᠢᠯᠠᠬᠤ ᠰᠠᠭᠤᠷᠢᠨ ᠭᠠᠵᠠᠷ 6 ᠪᠠᠶᠢᠭᠰᠠᠨ ᠪᠤᠯ ᠤᠳᠤᠬᠠᠨ ᠳᠤ ᠨᠢᠭᠡᠨᠲᠡ 12 ᠪᠤᠯᠵᠦ ᠬᠦᠭᠵᠢᠨ᠂ ᠭᠤᠤᠯᠳᠠᠭᠤ ᠬᠠᠩᠭᠢᠨ ᠬᠤᠰᠢᠭᠤᠨ ᠤ ᠡᠯ᠎ᠠ ᠰᠤᠮᠤ ᠪᠠᠯᠭᠠᠰᠤ ᠬᠢᠭᠡᠳ ᠰᠤᠷᠭᠠᠭᠤᠯᠢ ᠨᠤᠭᠤᠳ ᠢᠶᠠᠷ ᠲᠠᠷᠬᠠᠵᠦ ᠪᠠᠶᠢᠳᠠᠭ᠃ ᠪᠢ ᠲᠤᠰ ᠨᠡᠶᠢᠬᠡᠮᠯᠢᠭ ᠤᠨ ᠲᠡᠷᠢᠭᠦᠯᠡᠭᠴᠢ ᠪᠤᠯᠤᠭᠰᠠᠨ ᠤ ᠲᠠᠷᠠᠭ᠎ᠠ᠂ 2019 ᠤᠨ ᠤ 3 ᠰᠠᠷ᠎ᠠ ᠶᠢᠨ 4 ᠳᠤ ᠲᠤᠮᠳᠠᠳᠤ ᠤᠯᠤᠰ ᠤᠨ ᠬᠦᠷᠦ ᠲᠠᠭᠤᠤ ᠶᠢᠨ ᠤᠷᠠᠯᠢᠭ ᠤᠨ ᠪᠦᠯᠬᠦᠮ ᠢ ᠡᠭᠦᠰᠭᠡᠨ ᠪᠠᠶᠢᠭᠤᠯᠵᠦ᠂ ᠨᠠᠰᠤᠲᠠᠶᠢᠴᠤᠳ ᠤᠨ ᠲᠤᠭᠤᠢᠢᠯᠠᠩ᠂ ᠢᠳᠡᠷᠴᠤᠳ ᠤᠨ ᠲᠤᠭᠤᠢᠢᠯᠠᠩ᠂ ᠪᠠᠭᠠᠴᠤᠳ ᠤᠨ ᠲᠤᠭᠤᠢᠢᠯᠠᠩ ᠭᠡᠵᠦ ᠭᠤᠷᠪᠠᠨ ᠲᠤᠭᠤᠢᠢᠯᠠᠩ ᠬᠤᠪᠢᠶᠠᠨ᠂ ᠡᠨᠡ ᠬᠦ ᠰᠤᠳᠤᠨ ᠤᠷᠠᠯᠢᠭ ᠢᠶᠠᠨ ᠲᠡᠯᠡᠬᠡᠢ ᠶᠢᠨ ᠲᠠᠪᠴᠠᠩ ᠳᠤ ᠭᠠᠷᠭᠠᠵᠦ᠂ ᠤᠯᠠᠮ ᠤᠯᠠᠨ ᠬᠦᠮᠦᠨ ᠳᠤ ᠲᠠᠨᠢᠵᠦ ᠮᠡᠳᠡᠭᠦᠯᠬᠦ ᠪᠠᠷ ᠮᠡᠷᠡᠶᠢᠨ ᠴᠢᠷᠮᠠᠶᠢᠭᠰᠠᠭᠠᠷ ᠢᠷᠠᠵᠠᠢ︾ ᠭᠡᠮᠡᠨ ᠨᠡᠶᠢᠬᠡᠮᠯᠢᠭ ᠤᠨ ᠢᠶᠠᠨ ᠪᠠᠶᠢᠳᠠᠯ ᠢ ᠨᠡᠷᠢᠨ ᠲᠠᠨᠢᠯᠴᠠᠭᠤᠯᠤᠯ᠎ᠠ᠃      ᠬᠦᠷᠦ ᠲᠠᠭᠤᠤ ᠶᠢ ᠬᠠᠮᠠᠭᠠᠯᠠᠵᠦ ᠤᠯᠠᠮᠵᠢᠯᠠᠬᠤ ᠠᠵᠢᠯ ᠳᠤ ᠬᠠᠩᠭᠢᠨ ᠬᠤᠰᠢᠭᠤᠨ ᠤ ᠵᠠᠰᠠᠭ ᠤᠨ ᠤᠷᠳᠤᠨ ᠠᠴᠠ ᠴᠤ ᠡᠳ᠋ ᠪᠤᠲᠠᠰ᠂ ᠪᠡᠯᠡ ᠮᠦᠩᠭᠦ᠂ ᠬᠦᠮᠦᠨ ᠤ ᠬᠦᠴᠦᠨ ᠵᠡᠷᠭᠡ ᠲᠠᠯ᠎ᠠ ᠪᠠᠷ ᠲᠠᠮᠵᠢᠯᠭᠡ ᠦᠵᠡᠭᠦᠯᠬᠦ ᠶᠢᠨ ᠬᠠᠮᠳᠤ ᠪᠠᠰᠠ ᠮᠤᠩᠭᠤᠯ ᠲᠤᠮᠳᠠᠳᠤ ᠰᠤᠷᠭᠠᠭᠤᠯᠢ᠂ ᠮᠤᠩᠭᠤᠯ ᠪᠠᠭ᠎ᠠ ᠰᠤᠷᠭᠠᠭᠤᠯᠢ ᠳᠤ ᠬᠦᠷᠦ ᠲᠠᠭᠤᠤ ᠶᠢᠨ ᠰᠠᠭᠤᠷᠢᠨ ᠭᠠᠵᠠᠷ ᠪᠠᠶᠢᠭᠤᠯᠤᠨ᠂ ᠰᠤᠷᠭᠠᠭᠤᠯᠢ ᠪᠤᠯᠭᠠᠨ ᠳᠤ ᠬᠦᠷᠦ ᠲᠠᠭᠤᠤ ᠰᠤᠷᠬᠤ ᠬᠢᠴᠢᠶᠡᠯ ᠲᠤᠬᠢᠷᠠᠭᠤᠯᠤᠨ᠂ ᠮᠠᠨ ᠤ ᠬᠤᠳᠠ ᠶᠢᠨ ᠶᠡᠭᠡ ᠪᠠᠭ᠎ᠠ ᠲᠤᠭᠯᠠᠯᠲᠠ ᠶᠢᠨ ᠲᠠᠯᠠᠪᠠᠢ ᠳᠤ ᠴᠤ ᠬᠦᠷᠦ ᠲᠠᠭᠤᠤ ᠪᠠᠶᠢᠬᠤ ᠬᠡᠷᠡᠭᠲᠠᠢ ᠭᠡᠮᠡᠡ ᠱᠠᠭᠠᠷᠳᠠᠵᠦ᠂ ᠴᠦᠭᠡᠨ ᠬᠡᠳᠤᠬᠡᠨ ᠬᠦᠮᠦᠨ ᠮᠡᠳᠡᠳᠡᠭ ᠬᠤᠪᠤᠷ ᠡᠷᠳᠡᠨᠢ᠂ ᠤᠷᠠᠯᠢᠭ ᠤᠨ ᠲᠠᠯᠠᠰᠳᠤ ᠪᠠᠶᠢᠭᠰᠠᠨ ᠠᠴᠠ ᠪᠠᠨ ᠤᠬᠤᠷᠬᠠᠨ ᠠᠷᠪᠠᠨ ᠵᠢᠯ ᠳᠤ ᠤᠯᠠᠨ ᠨᠡᠶᠢᠳᠡ ᠶᠢᠨ ᠤᠷᠠᠯᠢᠭ ᠪᠤᠯᠭᠠᠵᠦ ᠬᠦᠭᠵᠢᠭᠦᠯᠦᠭᠰᠡᠨ ᠲᠡᠪᠰᠢᠯᠲᠡ ᠶᠢ ᠪᠡᠶᠡᠯᠡᠭᠦᠯᠵᠠᠢ᠃            ᠬᠦᠷᠦ ᠲᠠᠭᠤᠤ ᠶᠢ ᠤᠯᠠᠮᠵᠢᠯᠠᠨ ᠬᠦᠭᠵᠢᠭᠦᠯᠬᠦ ᠠᠶᠠᠨ᠄      ᠤᠯᠤᠰ ᠤᠨ ᠲᠡᠰ ᠤᠨ ᠪᠤᠲᠠᠰ ᠤᠨ ᠪᠤᠰᠤ ᠰᠤᠶᠤᠯ ᠤᠨ ᠦᠪ ᠪᠤᠯᠤᠭᠰᠠᠨ ᠬᠠᠩᠭᠢᠨ ᠬᠦᠷᠦ ᠲᠠᠭᠤᠤ ᠶᠢᠨ ᠰᠤᠳᠤᠨ ᠭᠠᠶᠢᠬᠠᠮᠰᠢᠭ ᠢ ᠲᠠᠯᠠᠬᠡᠢ ᠳ᠋ᠠᠬᠢᠨ ᠳᠤ ᠲᠠᠨᠢᠭᠤᠯᠵᠦ᠂ ᠤᠯᠠᠮ ᠴᠢᠨᠠᠭᠰᠢᠲᠠ ᠬᠦᠭᠵᠢᠭᠦᠯᠬᠦ ᠶᠢᠨ ᠲᠦᠯᠦᠭᠡ᠂ ᠵᠠᠰᠠᠭ ᠤᠨ ᠤᠷᠳᠤᠨ ᠠᠴᠠ ᠲᠡᠮᠵᠢᠬᠦ᠂ ᠦᠨᠳᠦᠷ ᠲᠡᠭᠡᠳᠤ ᠰᠤᠷᠭᠠᠭᠤᠯᠢ ᠨᠤᠭᠤᠳ ᠲᠠᠢ ᠬᠠᠮᠳᠤᠷᠠᠨ ᠠᠵᠢᠯᠯᠠᠬᠤ᠂ ᠲᠤᠰᠬᠠᠢ ᠰᠤᠳᠤᠯᠭᠠᠨ ᠤ ᠬᠤᠷᠠᠯ ᠴᠤᠭᠯᠠᠭ᠎ᠠ ᠬᠢᠬᠦ ᠵᠡᠷᠭᠡ ᠠᠷᠭ᠎ᠠ ᠬᠡᠮᠵᠢᠶ᠎ᠠ ᠠᠪᠴᠠᠢ᠃ ᠡᠳᠡᠭᠡᠷ ᠪᠤᠲᠠᠲᠠᠢ ᠠᠷᠭ᠎ᠠ ᠠᠪᠴᠠᠯ ᠢᠶᠠᠷ ᠲᠠᠮᠵᠢᠨ ᠬᠠᠩᠭᠢᠨ ᠬᠦᠷᠦ ᠲᠠᠭᠤᠤ ᠨᠢ ᠭᠠᠳᠠᠭᠠᠳᠤ ᠲᠤᠳᠤᠭᠠᠳᠤ ᠶᠢᠨ ᠤᠯᠠᠨ ᠡᠷᠳᠡᠮᠲᠡᠨ ᠰᠤᠳᠤᠯᠭᠠᠲᠠᠨ ᠤ ᠠᠩᠬᠠᠷᠤᠯ ᠢ ᠲᠠᠳᠠᠵᠦ᠂ 2009 ᠤᠨ ᠤ 7 ᠰᠠᠷ᠎ᠠ ᠳᠤ ᠶᠠᠫᠤᠨ ᠤ ᠨᠠᠭᠤᠶᠠ ᠶᠡᠭᠡ ᠰᠤᠷᠭᠠᠭᠤᠯᠢ ᠶᠢᠨ ᠲᠤᠰᠬᠠᠢ ᠮᠡᠷᠭᠡᠵᠢᠯᠲᠡᠳ ᠪᠠ ᠮᠤᠩᠭᠤᠯ ᠤᠯᠤᠰ ᠤᠨ ᠯ᠊· ᠬᠦᠷᠡᠯᠪᠠᠭᠠᠳᠤᠷ᠂ ᠯ᠊· ᠡᠷᠳᠡᠨᠢᠴᠢᠮᠡᠭ ᠵᠡᠷᠭᠡ ᠡᠷᠳᠡᠮᠲᠡᠳ ᠬᠠᠩᠭᠢᠨ ᠬᠤᠰᠢᠭᠤᠨ ᠤ ᠬᠢᠨ ᠲᠠᠢ ᠬᠠᠮᠳᠤᠷᠠᠨ ᠠᠵᠢᠯᠯᠠᠵᠦ᠂ ᠬᠦᠷᠦ ᠲᠠᠭᠤᠤ ᠶᠢᠨ ᠴᠢᠭᠯᠡᠯ ᠢᠶᠠᠷ ᠲᠤᠰᠬᠠᠢ ᠰᠡᠳᠤᠪᠳᠤ ᠰᠤᠳᠤᠯᠭ᠎ᠠ ᠬᠢᠭᠰᠡᠨ ᠪᠠᠶᠢᠨ᠎ᠠ᠃      ᠮᠤᠩᠭᠤᠯ ᠦᠨᠳᠤᠰᠤᠳᠡᠨ ᠤ ᠡᠷᠳᠡᠨ ᠤ ᠰᠤᠩᠭᠤᠳᠠᠭ ᠲᠠᠭᠤᠤ ᠬᠦᠭᠵᠢᠮ ᠤᠨ ᠬᠤᠪᠤᠷ ᠡᠷᠳᠡᠨᠢ ᠪᠤᠯᠬᠤ ᠬᠦᠷᠦ ᠲᠠᠭᠤᠤ ᠶᠢᠨ ᠪᠠᠶᠢᠭᠠᠯᠢᠯᠢᠭ ᠤᠨᠴᠠᠯᠢᠭ ᠰᠢᠨᠵᠢ ᠬᠢᠭᠡᠳ ᠤᠤᠷ ᠴᠢᠨᠠᠷ ᠢ ᠬᠠᠳᠠᠭᠠᠯᠠᠬᠤ ᠶᠢᠨ ᠲᠤᠰᠠᠳᠠ᠂ 2009 ᠤᠨ ᠳᠤ ᠬᠠᠩᠭᠢᠨ ᠤ ᠬᠠᠮᠢᠶ᠎ᠠ ᠪᠦᠬᠦᠢ ᠪᠠᠶᠢᠭᠤᠯᠭ᠎ᠠ ᠠᠴᠠ 84 ᠬᠦᠷᠦ ᠲᠠᠭᠤᠤ ᠶᠢ ᠡᠮᠬᠢᠳᠭᠡᠭᠰᠡᠨ ᠬᠠᠩᠭᠢᠨ ᠬᠦᠷᠦ ᠲᠠᠭᠤᠤ ᠶᠢᠨ DVD ᠴᠤᠮᠤᠭ ᠢ ᠰᠢᠩᠭᠡᠭᠡᠨ ᠬᠡᠪᠯᠡᠭᠦᠯᠦᠨ ᠲᠠᠷᠬᠠᠭᠠᠵᠦ᠂ 2012 ᠤᠨ ᠳᠤ 98 ᠬᠦᠷᠦ ᠲᠠᠭᠤᠤ ᠲᠠᠢ ︽ᠤᠷᠳᠤᠰ ᠠᠷᠠᠳ ᠤᠨ ᠲᠠᠭᠤᠤ ᠶᠢᠨ ᠴᠢᠭᠤᠯᠭᠠᠨ ︵ᠲᠦᠳᠦᠭᠡᠷ︶— ᠬᠠᠩᠭᠢᠨ ᠬᠦᠷᠦ ᠲᠠᠭᠤᠤ︾ ᠭᠡᠬᠦ ᠨᠤᠮ ᠢ ᠡᠮᠬᠢᠳᠭᠡᠨ᠂ ︽ᠤᠷᠳᠤᠰ ᠰᠤᠶᠤᠯ ᠤᠨ ᠴᠤᠪᠤᠷᠠᠯ ᠪᠢᠴᠢᠭ︾ ᠲᠤ ᠤᠷᠤᠭᠤᠯᠵᠠᠢ᠃ 2012 ᠤᠨ ᠤ 4 ᠰᠠᠷ᠎ᠠ ᠳᠤ ᠬᠠᠩᠭᠢᠨ ᠬᠦᠷᠦ ᠲᠠᠭᠤᠤ ᠶᠢᠨ ᠰᠤᠳᠤᠯᠤᠨ ᠶᠠᠷᠢᠯᠴᠠᠬᠤ ᠬᠤᠷᠠᠯ ᠢ ᠡᠷᠬᠢᠯᠡᠨ ᠬᠢᠵᠦ᠂ ᠬᠤᠷᠠᠯ ᠳᠤ ᠲᠠᠪᠰᠢᠭᠦᠯᠦᠭᠰᠡᠨ ᠦᠭᠦᠯᠡᠯ ᠤᠳ ᠢ ᠡᠮᠬᠢᠳᠭᠡᠨ᠂ ︽ᠦᠪᠦᠷ ᠮᠤᠩᠭᠤᠯ ᠤᠨ ᠤᠷᠠᠯᠢᠭ︾ ᠰᠡᠳᠭᠦᠯ ᠤᠨ ᠲᠤᠰᠬᠠᠢ ᠬᠡᠪᠯᠡᠯ ᠢᠶᠠᠷ ᠨᠡᠶᠢᠳᠡᠯᠡᠭᠦᠯᠪᠡ᠃      2008 ᠤᠨ ᠳᠤ ᠬᠠᠩᠭᠢᠨ ᠬᠤᠰᠢᠭᠤᠨ ᠤ ᠠᠷᠠᠳ ᠤᠨ ᠤᠷᠠᠯᠢᠭᠴᠢᠳ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠲᠠᠭᠤᠤ ᠬᠦᠭᠵᠢᠮ ᠤᠨ ᠲᠢᠩᠬᠢᠮ ᠳᠤ ᠬᠦᠷᠦ ᠲᠠᠭᠤᠤ ᠪᠠᠨ ᠠᠩᠬ᠎ᠠ ᠤᠳᠠᠭ᠎ᠠ ᠲᠠᠶᠢᠰᠠᠨ ᠳᠤ ᠭᠠᠷᠭᠠᠨ ᠦᠵᠡᠭᠦᠯᠭᠡ ᠬᠢᠵᠦ᠂ ᠲᠤᠰ ᠰᠤᠷᠭᠠᠭᠤᠯᠢ ᠶᠢᠨ ᠪᠠᠭᠰᠢ ᠰᠤᠷᠤᠭᠴᠢᠳ ᠪᠠ ᠦᠵᠡᠭᠴᠢᠳ ᠤᠯᠠᠨ ᠤ ᠮᠠᠭᠳᠠᠭᠠᠯ ᠰᠠᠶᠢᠰᠢᠶᠠᠯ ᠬᠢᠭᠡᠳ ᠦᠨᠳᠦᠷ ᠦᠨᠡᠯᠡᠯᠲᠡ ᠶᠢ ᠤᠯᠪᠠ᠃ ᠡᠭᠦᠨ ᠤ ᠤᠯᠠᠮ ᠠᠴᠠ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠬᠢᠭᠡᠳ ᠲᠦᠪ ᠤᠨ ᠲᠠᠭᠤᠤ ᠬᠦᠭᠵᠢᠮ ᠤᠨ ᠲᠡᠭᠡᠳᠤ ᠰᠤᠷᠭᠠᠭᠤᠯᠢ ᠨᠤᠭᠤᠳ ᠤᠨ ᠠᠩᠬᠠᠷᠤᠯ ᠳᠤ ᠬᠦᠷᠴᠤ᠂ ᠬᠦᠷᠦ ᠲᠠᠭᠤᠤ ᠶᠢ ᠰᠤᠷᠭᠠᠭᠤᠯᠢ ᠶᠢᠨ ᠢᠶᠠᠨ ᠵᠢᠭᠠᠨ ᠰᠤᠷᠭᠠᠯᠲᠠ ᠬᠢᠭᠡᠳ ᠰᠤᠳᠤᠯᠭᠠᠨ ᠤ ᠲᠦᠰᠤᠪ ᠲᠡᠭᠡᠨ ᠤᠷᠤᠭᠤᠯᠤᠭᠰᠠᠨ ᠪᠠᠶᠢᠨ᠎ᠠ᠃      2016 ᠤᠨ ᠳᠤ ᠬᠠᠩᠭᠢᠨ ᠬᠦᠷᠦ ᠲᠠᠭᠤᠤ ᠶᠢᠨ ᠤᠷᠠᠯᠢᠭᠴᠢᠳ ᠤᠯᠤᠰ ᠤᠨ ᠵᠦᠴᠦᠭᠡ ᠶᠢᠨ ᠲᠢᠶᠠᠲᠷ ᠲᠤ ᠬᠦᠷᠦ ᠲᠠᠭᠤᠤ ᠪᠠᠨ ᠲᠦᠮᠡᠨ ᠤᠯᠠᠨ ᠤ ᠰᠤᠨᠤᠷ ᠲᠤ ᠬᠦᠷᠭᠡᠵᠦ᠂ ᠬᠦᠷᠦ ᠲᠠᠭᠤᠤ ᠶᠢᠨ ᠢᠷᠠᠭᠤ ᠰᠠᠶᠢᠬᠠᠨ ᠡᠭᠡᠰᠢᠭ ᠢ ᠬᠦᠮᠦᠨ ᠵᠤᠨ ᠤ ᠰᠡᠳᠭᠢᠯ ᠳᠤ ᠬᠠᠳᠠᠩᠰᠢᠭᠤᠯᠤᠭᠰᠠᠨ ᠪᠢᠯᠡ᠃ ᠨᠡᠩ ᠢᠯᠠᠩᠭᠤᠶ᠎ᠠ᠂ 2019 ᠤᠨ ᠤ 8 ᠰᠠᠷ᠎ᠠ ᠳᠤ ᠬᠠᠩᠭᠢᠨ ᠬᠦᠷᠦ ᠲᠠᠭᠤᠤ ᠶᠢᠨ ᠤᠷᠠᠯᠢᠭ ᠤᠨ ᠪᠦᠯᠬᠦᠮ ᠨᠢ ᠪᠦᠭᠦᠳᠡ ᠨᠠᠶᠢᠷᠠᠮᠳᠠᠬᠤ ᠪᠤᠯᠭᠠᠷᠢᠶ᠎ᠠ ᠤᠯᠤᠰ ᠲᠤ ᠶᠠᠪᠤᠭᠳᠠᠭᠰᠠᠨ ᠶᠢᠰᠤᠳᠤᠭᠡᠷ ᠬᠤᠭᠤᠴᠠᠭᠠᠨ ᠤ ᠲᠡᠯᠡᠬᠡᠢ ᠶᠢᠨ ᠵᠠᠩ ᠦᠢᠯᠡ ᠤᠷᠠᠯᠢᠭ ᠤᠨ ᠨᠠᠭᠠᠳᠤᠮ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠤᠷᠤᠯᠴᠠᠭᠠᠳ ᠲᠠᠷᠢᠭᠦᠨ ᠱᠠᠩ ᠭᠠᠷᠳᠠᠵᠦ᠂ ᠠᠯᠲᠠᠨ ᠮᠧᠳᠠᠯ ᠢᠶᠠᠷ ᠡᠩᠭᠡᠷ ᠢᠶᠠᠨ ᠮᠢᠯᠢᠶᠠᠯᠭᠠᠭᠰᠠᠨ ᠶᠠᠪᠤᠳᠠᠯ ᠨᠢ ᠬᠠᠩᠭᠢᠨ ᠬᠦᠷᠦ ᠲᠠᠭᠤᠤ ᠶᠢ ᠲᠡᠯᠡᠬᠡᠢ ᠶᠢᠨ ᠤᠷᠠᠯᠢᠭ ᠤᠨ ᠲᠠᠶᠢᠰᠠᠨ ᠳᠤ ᠭᠠᠷᠭᠠᠵᠦ᠂ ᠮᠦᠨ ᠴᠤ ᠡᠨᠡ ᠬᠦ ᠰᠤᠳᠤᠨ ᠤᠷᠠᠯᠢᠭ ᠢᠶᠠᠨ ᠤᠯᠠᠮᠵᠢᠯᠠᠨ ᠬᠦᠭᠵᠢᠭᠦᠯᠬᠦ ᠳᠤ ᠠᠯᠦᠰ ᠭᠡᠳᠤ ᠶᠢᠨ ᠠᠴᠢ ᠬᠤᠯᠪᠤᠭᠳᠠᠯ ᠦᠵᠡᠭᠦᠯᠵᠦ᠂ ᠬᠠᠩᠭᠢᠨ ᠨᠤᠳᠤᠭ ᠤᠨ ᠨᠡᠷ᠎ᠠ ᠠᠯᠳᠠᠷ ᠢ ᠲᠠᠶᠠᠩ ᠲᠡᠯᠡᠬᠡᠢ ᠳᠤ ᠲᠠᠭᠤᠷᠢᠰᠤᠭᠤᠯᠤᠭᠰᠠᠨ ᠶᠤᠮ᠃      ᠬᠦᠷᠦ ᠲᠠᠭᠤᠤ ᠶᠢᠨ ᠰᠤᠳᠤᠯᠭᠠᠨ ᠤ ᠨᠡᠶᠢᠬᠡᠮᠯᠢᠭ ᠤᠨ ᠲᠠᠷᠢᠭᠦᠯᠡᠭᠴᠢ ᠴᠢ᠊· ᠮᠦᠷᠡᠨ ᠠᠴᠠ ᠬᠦᠷᠦ ᠲᠠᠭᠤᠤ ᠪᠠᠨ ᠬᠤᠵᠢᠮ ᠬᠤᠶᠢᠰᠢᠲᠠ ᠶᠠᠭᠠᠬᠢᠵᠦ ᠤᠯᠠᠮᠵᠢᠯᠠᠵᠦ ᠬᠦᠭᠵᠢᠬᠦᠯᠬᠦ ᠲᠤᠬᠠᠢ ᠪᠢᠳᠠᠨ ᠳᠤ᠄ ︽ᠤᠷᠳᠤᠰ ᠤᠨ ᠰᠤᠳᠤᠨ ᠤᠷᠠᠯᠢᠭ ᠤᠳ ᠢ ᠵᠦᠴᠦᠭᠡ ᠶᠢᠨ ᠬᠡᠯᠪᠡᠷᠢ ᠪᠠᠷ ᠨᠠᠶᠢᠷᠠᠭᠤᠯᠵᠦ ᠪᠦᠳᠦᠭᠡᠨ᠂ ᠤᠷᠢᠳ ᠢᠶᠠᠷ ᠬᠠᠩᠭᠢᠨ ᠬᠤᠷᠢᠮ ᠬᠢᠭᠡᠳ ᠬᠦᠷᠦ ᠲᠠᠭᠤᠤ ᠪᠠᠨ ᠨᠢᠭᠡᠳᠭᠡᠵᠦ᠂ ︿ᠬᠦᠷᠦ ᠲᠠᠭᠤᠤ ᠲᠠᠢ ᠬᠠᠩᠭᠢᠨ ᠬᠤᠷᠢᠮ﹀ ᠪᠤᠯᠭᠠᠨ ᠵᠤᠬᠢᠶᠠᠨ ᠪᠦᠳᠦᠭᠡᠵᠦ᠂ ᠤᠷᠠᠯᠢᠭ ᠤᠨ ᠢᠯᠡᠳᠭᠡᠬᠦ ᠬᠡᠯᠪᠡᠷᠢ ᠳᠤ ᠲᠤᠬᠢᠷᠠᠭᠤᠯᠤᠯᠲᠠ ᠭᠠᠷᠭᠠᠬᠤ ᠪᠠᠷ ᠲᠠᠮᠵᠢᠨ ᠢᠵᠠᠭᠤᠷ ᠤᠷᠠᠯᠢᠭ ᠢᠶᠠᠨ ᠲᠠᠬᠢᠨ ᠠᠮᠢᠯᠠᠭᠤᠯᠬᠤ ᠰᠠᠨᠠᠭᠠᠲᠠᠢ᠃ ᠮᠢᠨᠦ ᠦᠵᠡᠬᠦ ᠪᠠᠷ ᠬᠦᠷᠦ ᠲᠠᠭᠤᠤ ᠪᠤᠯ ᠪᠦᠬᠦ ᠮᠤᠩᠭᠤᠯᠴᠤᠳ ᠤᠨ ᠦᠪ ᠰᠤᠶᠤᠯ ᠪᠤᠯᠤᠨ᠎ᠠ᠂ ᠭᠡᠬᠦ ᠳᠡᠭᠡᠨ ᠡᠨᠡ ᠬᠦ ᠦᠪ ᠰᠤᠶᠤᠯ ᠢᠶᠠᠨ ᠬᠠᠩᠭᠢᠨᠴᠤᠳ ᠦᠪᠯᠡᠨ ᠬᠠᠳᠠᠭᠠᠯᠠᠵᠦ᠂ ᠤᠯᠠᠮᠵᠢᠯᠠᠵᠦ ᠬᠦᠭᠵᠢᠭᠦᠯᠦᠭᠰᠡᠭᠡᠷ ᠢᠷᠡᠵᠠᠢ᠃ ᠡᠨᠡ ᠬᠦ ᠠᠭᠤᠤ ᠶᠡᠭᠡ ᠰᠤᠶᠤᠯ ᠤᠨ ᠦᠪ ᠢᠶᠠᠨ ᠤᠯᠠᠮ ᠴᠢᠨᠠᠭᠰᠢᠲᠠ ᠬᠦᠭᠵᠢᠭᠦᠯᠦᠶ᠎ᠠ ᠭᠡᠪᠡᠯ ᠵᠠᠪᠠᠯ ᠲᠠᠭᠦᠨ ᠢ ᠪᠠᠨ ᠲᠡᠯᠡᠬᠡᠢ ᠶᠢᠨ ᠲᠠᠪᠴᠠᠩ ᠳᠤ ᠭᠠᠷᠭᠠᠵᠦ᠂ ᠲᠡᠯᠡᠬᠡᠢ ᠶᠢᠨ ᠬᠦᠮᠦᠨ ᠵᠤᠨ ᠳᠤ ᠰᠤᠨᠢᠷᠬᠠᠭᠤᠯᠵᠦ᠂ ᠲᠠᠨᠢᠭᠤᠯᠵᠦ᠂ ᠮᠡᠳᠡᠷᠡᠭᠦᠯᠬᠦ ᠬᠡᠷᠡᠭᠲᠠᠢ᠃ ᠢᠩᠭᠢᠪᠡᠯ ᠰᠠᠶ᠋ᠢ ᠠᠯᠦᠰ ᠤᠨ ᠬᠦᠭᠵᠢᠯᠲᠡ ᠲᠠᠢ ᠪᠤᠯᠬᠤ ᠪᠤᠯᠤᠮᠵᠢ ᠲᠠᠢ︾ ᠭᠡᠮᠡᠨ ᠦᠵᠡᠯ ᠪᠤᠳᠤᠯ ᠢᠶᠠᠨ ᠲᠡᠯᠭᠡᠪᠡ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号