ᠲᠣᠰ ᠣᠪᠤᠭ᠎ᠠ ᠨᠢ ᠵᠠᠷᠣᠳ ᠬᠤᠰᠢᠭᠤᠨ ᠤ ᠬᠠᠶᠢᠷᠬᠠᠨ ᠠᠭᠤᠯᠠ ᠶᠢᠨ ᠨᠤᠶᠠᠨ ᠣᠷᠬᠢᠯ ︵1268.7 ᠮᠧᠲᠷ︶ | ᠳᠤ ᠪᠠᠶᠢᠷᠢᠯᠠᠵᠣ ᠪᠠᠶᠢᠨ᠎ᠠ᠃ ᠵᠢᠯ ᠪᠦᠷᠢ ᠶᠢᠨ ᠣᠪᠤᠭ᠎ᠠ ᠲᠠᠬᠢᠬᠤ ᠡᠳᠦᠷ ᠲᠠᠪᠤᠨ ᠰᠠᠷ᠎ᠠ ᠶᠢᠨ ᠠᠷᠪᠠᠨ ᠭᠤᠷᠪᠠᠨ ᠳᠤ | ᠵᠤᠣ ᠤᠳᠠ᠂ ᠵᠢᠷᠢᠮ᠂ ᠰᠢᠯᠢ ᠶᠢᠨ ᠭᠤᠤᠯ ᠵᠡᠷᠭᠡ ︽ᠭᠤᠷᠪᠠᠨ ᠴᠢᠭᠤᠯᠭᠠᠨ︾ ᠤ ᠭᠤᠴᠢᠨ ᠵᠢᠷᠭᠤᠭᠠᠨ ᠬᠠᠨ | ᠠᠭᠤᠯᠠ ᠶᠢᠨ ᠨᠠᠪᠳᠠᠭ ᠤᠳ ᠪᠦᠭᠦᠳᠡᠭᠡᠷ ᠭᠡᠩᠭᠡᠷᠭᠡ ᠲᠡᠯᠡᠳᠦᠨ ᠬᠠᠶᠢᠷᠬᠠᠨ ᠬᠠᠨ ᠤ ᠪᠠᠷᠠᠭᠤᠨ ᠤᠷᠣᠢ ᠳᠤ ᠪᠣᠯᠵᠤᠨ | ᠴᠤᠭᠯᠠᠷᠠᠵᠣ᠂ ᠶᠡᠭᠡ ᠬᠤᠷᠠᠯᠲᠠᠢ ᠬᠤᠷᠠᠳᠠᠭ ᠭᠡᠨ᠎ᠡ᠃ ᠡᠶᠢᠮᠦ ᠠᠴᠠ ᠲᠡᠷᠡ ᠦᠶ᠎ᠡ ᠳᠤ ᠬᠠᠶᠢᠷᠬᠠᠨ ᠬᠠᠨ ᠤ ᠠᠷᠣ ᠪᠠᠷ | ᠮᠠᠯᠵᠢᠵᠣ ᠪᠠᠶᠢᠳᠠᠭ ᠮᠠᠯᠴᠢᠳ ᠲᠡᠷᠡ ᠬᠦ ︽ᠬᠡᠩᠭᠡᠷᠭᠡ ᠶᠢᠨ ᠲᠠᠭᠤᠨ︾ ᠢ ᠣᠯᠵᠤ ᠰᠣᠨᠣᠰᠬᠤ ᠪᠦᠷᠢ ᠬᠠᠮᠢᠭ᠎ᠠ ᠶᠠᠭᠤ | ᠶᠠᠭᠠᠷᠠᠵᠣ ᠪᠠᠶᠢᠭᠰᠠᠨ ᠴᠦ ︽ᠭᠤᠷᠪᠠᠨ ᠴᠢᠭᠤᠯᠭᠠᠨ︾ ᠤ ᠭᠤᠴᠢᠨ ᠵᠢᠷᠭᠤᠭᠠᠨ ᠨᠠᠪᠳᠠᠭ ᠲᠠᠲᠠᠵᠣ ᠪᠠᠭᠤᠯ᠎ᠠ ᠭᠡᠳ | ᠠᠳᠠᠯ ᠬᠢᠳᠡᠯ ᠢᠶᠠᠨ ᠣᠷᠭᠢᠭᠠᠳ ᠲᠤᠳᠣᠭᠠᠲᠣ ᠬᠤᠷᠮᠣᠢ ᠪᠠᠨ ᠲᠡᠯᠭᠡᠨ ᠬᠠᠶᠢᠷᠬᠠᠨ ᠬᠠᠨ ᠠᠭᠤᠯᠠ ᠵᠦᠭ ᠬᠠᠨᠳᠣᠨ | ᠰᠦᠰᠦᠭᠯᠡᠨ ᠮᠦᠷᠬᠦᠳᠡᠭ᠃ ᠬᠠᠶᠢᠷᠬᠠᠨ ᠬᠠᠨ ᠠᠭᠤᠯᠠ ᠶᠢᠨ ︽ᠭᠤᠴᠢᠨ ᠵᠢᠷᠭᠤᠭᠠᠨ ᠨᠠᠪᠳᠠᠭ ᠤᠪᠣᠭ᠎ᠠ︾ ᠬᠡᠮᠡᠨ | ᠶᠡᠬᠡᠯ᠎ᠡ ᠪᠢᠰᠢᠷᠡᠨ ᠲᠠᠬᠢᠳᠠᠭ ᠭᠡᠨ᠎ᠡ᠃ ᠰᠡᠭᠦᠯᠡᠷ ᠨᠢ ᠵᠠᠷᠤᠳ ᠨᠤᠳᠤᠭ ᠤᠨ ᠮᠣᠩᠭᠤᠯᠴᠣᠳ ᠡᠨᠡ ᠣᠪᠤᠭ᠎ᠠ ᠶᠢ ᠵᠠᠷᠣᠳ | ᠣᠪᠤᠭ᠎ᠠ ᠭᠡᠵᠤ ᠲᠠᠭᠤᠳᠠᠳᠠᠭ ᠪᠣᠯᠤᠭᠰᠠᠨ ᠪᠠᠶᠢᠨ᠎ᠠ᠃ | 2016 ᠣᠨ ᠤ 6 ᠳ᠋ᠤᠭᠠᠷ ᠰᠠᠷ᠎ᠠ ᠳᠤ ᠲᠤᠮᠳᠠᠳᠣ ᠣᠯᠤᠰ ᠤᠨ ᠮᠤᠩᠭᠤᠯ ᠰᠣᠳᠤᠯᠤᠯ ᠤᠨ ᠨᠡᠶᠢᠭᠡᠮᠯᠢᠭ | ᠪᠣᠯᠤᠨ ᠦᠪᠤᠷ ᠮᠣᠩᠭᠤᠯ ᠤᠨ ᠵᠠᠩ ᠦᠢᠯᠡ ᠶᠢᠨ ᠨᠡᠶᠢᠭᠡᠮᠯᠢᠭ ᠠᠴᠠ ᠥᠪᠤᠷ ᠮᠣᠩᠭᠤᠯ ᠤᠨ ᠨᠡᠷᠡᠲᠦ ᠤᠪᠣᠭ᠎ᠠ ᠭᠡᠵᠤ | ᠨᠡᠷᠡᠯᠡᠭᠳᠡᠭᠰᠡᠨ ᠪᠠᠶᠢᠨ᠎ᠠ᠃ |