ᠬᠠᠶᠢᠯᠠᠰᠤ ᠶᠢᠨ ᠠᠶᠢᠯ 海拉苏艾勒 | ᠤᠨ ᠲᠤᠭᠠᠯᠠᠯ ᠤᠨ 1662—1722 ᠤᠨ ᠤ ᠦᠶ᠎ᠡ ᠪᠠᠷ ᠠᠷᠪᠢᠨ ᠬᠠᠶᠢᠯᠠᠰᠤᠨ ᠮᠤᠳᠤ ᠲᠠᠢ ᠠᠭᠤᠯᠠᠨ | ᠤ ᠡᠩᠭᠡᠷ ᠲᠤ ᠰᠦᠮ᠎ᠡ ᠪᠠᠶᠢᠭᠤᠯᠤᠨ᠂ ᠠᠶᠢᠯ ᠰᠠᠭᠤᠵᠤ᠂ ᠬᠠᠶᠢᠯᠠᠰᠤ ᠶᠢᠨ ᠰᠦᠮ᠎ᠡ᠂ ᠬᠠᠶᠢᠯᠠᠰᠤ ᠶᠢᠨ ᠰᠦᠮ᠎ᠡ ᠶᠢᠨ | ᠠᠶᠢᠯ ᠭᠡᠪᠡ᠃ ᠦᠨᠦ ᠬᠠᠶᠢᠯᠠᠰᠤ ᠶᠢᠨ ᠠᠶᠢᠯ ᠭᠡᠵᠤ ᠪᠠᠶᠢᠨ᠎ᠠ᠃ ᠠᠳᠡ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ | ᠤᠨ ᠤᠷᠳᠤᠨ᠂ ᠬᠠᠶᠢᠯᠠᠰᠤ ᠶᠢᠨ ᠤᠰᠤᠨ ᠠᠰᠢᠭᠯᠠᠯᠲᠠ ᠶᠢᠨ ᠬᠠᠮᠢᠶᠠᠷᠤᠯᠲᠠ ᠶᠢᠨ ᠲᠤᠪᠴᠢᠶ᠎ᠠ᠂ ᠬᠠᠶᠢᠯᠠᠰᠤ ᠳᠠᠬᠢ | ᠮᠤᠩᠭᠤᠯ ᠲᠤᠮᠳᠠᠳᠤ ᠰᠤᠷᠭᠠᠭᠤᠯᠢ ᠪᠡ ᠪᠠᠯᠭᠠᠰᠤ ᠶᠢᠨ ᠬᠠᠷᠢᠶ᠎ᠠ ᠪᠠᠶᠢᠭᠤᠯᠭ᠎ᠠ᠂ ᠵᠢᠴᠢ ᠬᠠᠶᠢᠯᠠᠰᠤ ᠭᠠᠴᠠᠭ᠎ᠠ ᠶᠢᠨ | ᠵᠦᠪᠯᠠᠯ᠂ ᠪᠠᠯᠭᠠᠰᠤ ᠶᠢᠨ ᠰᠠᠭᠤᠭᠠᠯᠢ ᠠᠷᠠᠳ ᠤᠨ ᠵᠦᠪᠯᠠᠯ ᠰᠠᠭᠤᠵᠤ ᠪᠠᠶᠢᠨ᠎ᠠ᠃ ᠡᠨᠡ ᠠᠶᠢᠯ ᠨᠢ ᠤᠩᠨᠢᠭᠤᠳ | ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠪᠤᠷᠤᠬᠤᠲᠠ ᠠᠴᠠ ᠵᠡᠭᠦᠨ ᠬᠤᠶᠢᠨ᠎ᠠ 54 | ᠺᠢᠯᠤᠮᠧᠲᠷ ᠬᠤᠯᠠ᠂ ᠰᠢᠷᠠᠮᠦ᠋ᠷᠡᠨ ᠭᠤᠤᠯ ᠤᠨ ᠡᠮᠦᠨ᠎ᠡ ᠭᠦᠪᠡᠭᠡ ᠳᠡᠭᠡᠷ᠎ᠡ ᠪᠠᠶᠢᠨ᠎ᠠ᠃ | ᠬᠤᠸᠠᠬᠤᠰᠢᠭᠤ ᠶᠢᠨ ᠠᠶᠢᠯ 花呼舒艾勒 | ᠤᠨ ᠲᠤᠭᠠᠯᠠᠯ ᠤᠨ 1736—1795 ᠤᠨ ᠤ ᠦᠶ᠎ᠡ ᠪᠠᠷ ᠬᠠᠶᠢᠯᠠᠰᠤ ᠶᠢᠨ ᠠᠭᠤᠯᠠᠨ ᠠᠴᠠ ᠵᠡᠭᠦᠨ | ᠡᠮᠦᠨ᠎ᠡ 2 ᠺᠢᠯᠤᠮᠧᠲᠷ ᠠᠯᠤᠰ ᠪᠠᠶᠢᠭ᠎ᠠ ᠮᠠᠩᠬᠠᠨ ᠬᠤᠰᠢᠭᠤ ᠶᠢᠨ ᠪᠠᠷᠠᠭᠤᠨ ᠢᠶᠠᠷ ᠠᠶᠢᠯ ᠰᠠᠭᠤᠵᠤ ᠡᠶᠢᠮᠦ ᠨᠡᠷ᠎ᠡ | ᠦᠭᠪᠡ᠃ ᠦᠨᠦ ᠡᠨᠡ ᠮᠠᠩᠬᠠᠨ ᠬᠤᠰᠢᠭᠤ ᠶᠢᠨ ᠬᠤᠶᠠᠷ ᠬᠠᠪᠢ ᠪᠠᠷ ᠪᠦᠷ ᠠᠶᠢᠯ ᠰᠠᠭᠤᠪᠠ᠃ ᠡᠨᠡ ᠠᠶᠢᠯ ᠨᠢ | ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠡᠮᠦᠨ᠎ᠡ 2 ᠺᠢᠯᠤᠮᠧᠲᠷ | ᠬᠤᠯᠠ ᠪᠠᠶᠢᠨ᠎ᠠ᠃ | ᠪᠠᠶᠠᠨᠬᠤᠸᠠ ᠶᠢᠨ ᠠᠶᠢᠯ 巴彦花艾勒 | ᠬᠠᠶᠢᠯᠠᠰᠤ ᠶᠢᠨ ᠠᠭᠤᠯᠠ ᠶᠢᠨ ᠪᠠᠷᠠᠭᠤᠨ ᠳᠤᠤᠷ᠎ᠠ᠂ ᠬᠤᠯᠪᠤᠭᠠᠯᠵᠢ ᠶᠢᠨ ᠬᠤᠸᠠ ᠶᠢ ᠲᠤᠭᠤᠷᠢᠭᠠᠳ ᠠᠶᠢᠯ | ᠰᠠᠭᠤᠵᠤ᠂1958 ᠤᠨ ᠠᠴᠠ ᠡᠭᠢᠯᠡᠵᠤ ︽ᠪᠠᠶᠠᠨᠬᠤᠸᠠ ᠶᠢᠨ ᠠᠶᠢᠯ︾ ᠭᠡᠰᠡᠨ ᠨᠡᠷ᠎ᠡ ᠲᠠᠢ ᠪᠤᠯᠪᠠ᠃ ᠡᠨᠡ ᠠᠶᠢᠯ ᠨᠢ | ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨᠰᠢ 1 ᠺᠢᠯᠤᠮᠧᠲᠷ | ᠬᠤᠯᠠ ᠪᠠᠶᠢᠨ᠎ᠠ᠃ | ᠪᠠᠷᠠᠭᠤᠨ ᠭᠦᠪᠡᠭᠡ ᠶᠢᠨ ᠠᠶᠢᠯ 巴润呼玻艾勒 | ᠬᠠᠶᠢᠯᠠᠰᠤ ᠶᠢᠨ ᠪᠠᠷᠠᠭᠤᠨ ᠮᠠᠩᠬᠠᠨ ᠤ ᠵᠡᠭᠦᠨ ᠭᠦᠪᠡᠭᠡ ᠶᠢ ᠳᠠᠭᠠᠵᠤ ᠰᠠᠭᠤᠭᠰᠠᠨ ᠠᠶᠢᠯ᠃ ᠡᠨᠡ ᠠᠶᠢᠯ ᠨᠢ | ᠤᠨ ᠲᠤᠭᠠᠯᠠᠯ ᠤᠨ1736—1795 ᠤᠨ ᠤ ᠦᠶ᠎ᠡ ᠪᠠᠷ ᠡᠭᠢᠯᠡᠵᠤ ᠠᠳᠡ ᠰᠠᠭᠤᠵᠠᠢ᠃ ᠡᠨᠡ ᠠᠶᠢᠯ ᠨᠢ | ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠪᠠᠷᠠᠭᠤᠨ ᠡᠮᠦᠨ᠎ᠡ 2 | ᠺᠢᠯᠤᠮᠧᠲᠷ ᠬᠤᠯᠠ ᠪᠠᠶᠢᠨ᠎ᠠ᠃ | ᠴᠠᠩᠰᠠᠢ ᠶᠢᠨ ᠡᠩᠭᠡᠷ ᠤᠨ ᠠᠶᠢᠯ 常在前艾勒 | ᠴᠠᠩᠰᠠᠢ ᠭᠡᠭᠦ ᠨᠡᠷ᠎ᠡ ᠲᠠᠢ ᠵᠢᠵᠢᠭ ᠠᠭᠤᠯᠠᠨ ᠡᠩᠭᠡᠷ ᠤᠨ ᠠᠶᠢᠯ᠃ ᠡᠨᠡ ᠠᠶᠢᠯ ᠨᠢ 1966 ᠤᠨ ᠠᠴᠠ | ᠰᠡᠭᠦᠯᠡᠷ ᠢᠷᠡᠵᠤ ᠰᠠᠭᠤᠵᠠᠢ᠃ ᠡᠨᠡ ᠠᠶᠢᠯ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ | ᠰᠠᠭᠤᠭ᠎ᠠ ᠭᠠᠵᠠᠷ ᠠᠴᠠ ᠪᠠᠷᠠᠭᠤᠨ ᠲᠠᠢ1.5 ᠺᠢᠯᠤᠮᠧᠲᠷ ᠵᠠᠶᠢᠲᠠᠢ ᠪᠠᠶᠢᠨ᠎ᠠ᠃ | ᠮᠠᠶᠢᠬᠠᠨ ᠴᠠᠭᠠᠨ ᠤ ᠤᠳᠤᠷ迈罕查干敖特尔 | 1961 ᠤᠨ ᠳᠤ ᠮᠠᠶᠢᠬᠠᠨ ᠭᠡᠯᠪᠡᠷᠢᠲᠠᠢ ᠴᠠᠭᠠᠨ ᠮᠠᠩᠬᠠᠨ ᠤ ᠡᠩᠭᠡᠷ ᠳᠡᠭᠡᠷ᠎ᠡ ᠮᠠᠯ ᠤᠨ ᠤᠳᠤᠷ ᠪᠠᠶᠢᠭᠤᠯᠵᠤ | ᠡᠶᠢᠮᠦ ᠨᠡᠷ᠎ᠡ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ | ᠭᠠᠵᠠᠷ ᠠᠴᠠ ᠡᠮᠦᠨ᠎ᠡ15 ᠺᠢᠯᠤᠮᠧᠲᠷ ᠬᠤᠯᠠ ᠪᠠᠶᠢᠨ᠎ᠠ᠃ | ᠮᠤᠬᠤᠷ ᠴᠠᠭᠠᠨ ᠤ ᠤᠳᠤᠷ 毛浩日查干敖特尔 | 1960 ᠤᠨ ᠳᠤ ᠳᠡᠭᠰᠢᠭᠡᠨ ᠤᠷᠤᠢ ᠲᠠᠢ ᠮᠠᠩᠬᠠᠨ ᠡᠩᠭᠡᠷ ᠲᠤ ᠤᠳᠤᠷ ᠪᠠᠶᠢᠭᠤᠯᠵᠤ ᠡᠶᠢᠮᠦ ᠨᠡᠷ᠎ᠡ ᠦᠭᠪᠡ᠃ | ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ | ᠡᠮᠦᠨᠡᠰᠢ 16 ᠺᠢᠯᠤᠮᠧᠲᠷ ᠬᠤᠯᠠ ᠪᠠᠶᠢᠨ᠎ᠠ᠃ | ᠬᠠᠯᠠᠬᠠᠢ ᠶᠢᠨ ᠤᠰᠤᠨ ᠤ ᠤᠳᠤᠷ哈拉海因乌苏 | 1960 ᠤᠨ ᠳᠤ ᠬᠠᠯᠠᠬᠠᠢ ᠶᠢᠨ ᠤᠰᠤ ᠭᠡᠰᠡᠨ ᠨᠡᠷ᠎ᠡ ᠲᠠᠢ ᠭᠠᠵᠠᠷ ᠮᠠᠯ ᠤᠨ ᠤᠳᠤᠷ ᠪᠠᠶᠢᠭᠤᠯᠪᠠ᠃ | ᠤᠷᠢᠳᠤ ᠠᠳᠡᠭᠢ ᠮᠠᠩᠬᠠᠨ ᠬᠤᠳᠤᠭᠤᠷ ᠲᠤ ᠰᠠᠭᠤᠵᠤ ᠪᠠᠶᠢᠭᠰᠠᠨ ᠡᠷᠤᠭᠡ ᠨᠢ ᠭᠠᠯ ᠠᠯᠳᠠᠵᠤ ᠲᠦᠢᠮᠡᠷ ᠨᠤᠴᠤᠭᠰᠠᠨ | ᠢᠶᠠᠷ ᠮᠠᠩᠬᠠᠨ ᠬᠤᠳᠤᠭᠤᠷ ᠤᠨ ᠡᠪᠡᠰᠤ ᠮᠤᠳᠤ ᠪᠤᠷᠭᠠᠰᠤ ᠪᠦᠷ ᠨᠤᠴᠤᠵᠤ᠂ ᠮᠠᠩᠬᠠᠨ ᠬᠤᠳᠤᠭᠤᠷ ᠤᠨ ᠨᠠᠭᠤᠷ ᠤᠨ | ᠤᠰᠤ ᠨᠢ ᠭᠦᠷᠳᠡᠯ᠎ᠡ ᠬᠠᠯᠠᠭᠰᠠᠨ ᠭᠡᠨ᠎ᠡ᠃ ᠭᠠᠯ ᠤᠨᠲᠠᠷᠠᠭᠠᠬᠤ ᠭᠡᠵᠤ ᠶᠠᠭᠠᠷᠠᠵᠤ ᠨᠠᠭᠤᠷ ᠤᠨ ᠤᠰᠤᠨ ᠳᠤ | ᠤᠷᠤᠭᠰᠠᠨ ᠭᠦᠮᠦᠨ ᠤ ᠭᠦᠯ ᠨᠢ ᠬᠠᠯᠠᠬᠤ ᠳᠠᠭᠠᠨ ︽ᠬᠠᠯᠠᠬᠠᠢ︕︾ ᠭᠡᠵᠤ ᠬᠠᠰᠭᠢᠷᠤᠭᠰᠠᠨ ᠭᠡᠨ᠎ᠡ᠃ ᠢᠩᠭᠢᠭᠡᠳ | ︽ᠬᠠᠯᠠᠬᠠᠢ ᠶᠢᠨ ᠤᠰᠤ︾ ᠭᠡᠰᠡᠨ ᠨᠡᠷ᠎ᠡ ᠲᠠᠢ ᠪᠤᠯᠤᠯ᠎ᠠ ᠭᠡᠳᠡᠭ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ | ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠡᠮᠦᠨ᠎ᠡ 15 ᠺᠢᠯᠤᠮᠧᠲᠷ ᠤᠷᠴᠢᠮ ᠬᠤᠯᠠ ᠪᠠᠶᠢᠨ᠎ᠠ᠃ | ᠲᠦᠭᠦᠷᠡᠩ ᠤᠨ ᠤᠳᠤᠷ 都仍敖特尔 | 1960 ᠤᠨ ᠳᠤ ᠠᠳᠡ ᠮᠠᠯ ᠤᠨ ᠤᠳᠤᠷ ᠪᠠᠶᠢᠭᠤᠯᠵᠤ᠂ ᠮᠠᠯᠴᠢᠨ ᠳᠦᠭᠦᠷᠡᠩ ᠤᠨ ᠨᠡᠷ᠎ᠡ ᠪᠠᠷ ᠤᠳᠤᠷ ᠢᠶᠠᠨ | ᠨᠡᠷᠡᠯᠡᠪᠡ᠃ ᠡᠨᠡ ᠤᠳᠤᠷ ᠨᠢ ᠬᠠᠯᠠᠬᠠᠢ ᠶᠢᠨ ᠤᠰᠤᠨ ᠤ ᠤᠳᠤᠷ ᠠᠴᠠ ᠵᠡᠭᠦᠨᠲᠠᠢ1.5 ᠺᠢᠯᠤᠮᠧᠲᠷ ᠬᠤᠯᠠ ᠪᠠᠶᠢᠨ᠎ᠠ᠃ | ᠭᠤᠷᠪᠠᠨ ᠵᠢᠯᠠᠭᠠᠲᠤ 古日办吉拉图 | ᠭᠤᠷᠪᠠᠨ ᠤᠷᠤᠢ ᠲᠠᠢ ᠮᠠᠩᠬ᠎ᠠ᠃ ᠮᠠᠩᠬᠠᠨ ᠤᠷᠤᠢ ᠳᠤᠨᠢ ᠡᠪᠡᠰᠤ ᠪᠤᠷᠭᠠᠰᠤ ᠰᠢᠪᠠᠭ ᠲᠠᠢ᠃ ᠬᠤᠯᠠ ᠠᠴᠠ | ᠠᠵᠢᠭᠯᠠᠪᠠᠯ ᠪᠤᠰᠤᠳ ᠮᠠᠩᠬᠠᠨ ᠠᠴᠠ ᠢᠯᠡᠷᠭᠡᠢ ᠦᠨᠳᠦᠷ ᠦᠵᠡᠭᠳᠡᠳᠡᠭ ᠪᠤᠯᠬᠤᠷ ᠡᠶᠢᠮᠦ ᠨᠡᠷ᠎ᠡ ᠦᠭᠪᠡ᠃ ᠡᠨᠡ | ᠮᠠᠩᠬ᠎ᠠ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠡᠮᠦᠨ᠎ᠡ 14 | ᠺᠢᠯᠤᠮᠧᠲᠷ ᠤᠷᠴᠢᠮ ᠬᠤᠯᠠ ᠪᠠᠶᠢᠨ᠎ᠠ᠃ |