ᠡᠭᠡ ᠰᠢᠭ ᠡᠷᠬᠢᠮ ᠰᠤᠶᠤᠯ ᠤᠨ ᠡᠷᠳᠡᠨᠢ ᠶᠢᠨ ᠲᠦᠯᠬᠢᠭᠦᠷ ᠢ ᠠᠳᠬᠤᠵᠦ ᠪᠠᠶᠢᠭ᠎ᠠ ᠡᠵᠢ ᠶᠢᠨ ᠨᠡᠷ᠎ᠡ ᠲᠠᠢ | ᠡᠨᠡᠷᠢᠯᠳᠦ ᠪᠠᠭᠰᠢ ᠮᠢᠨᠢ ᠲᠠ ᠰᠠᠶᠢᠨ ᠪᠠᠶᠢᠨ᠎ᠠ ᠤᠤ︖ | ᠡᠴᠢᠭᠡ ᠰᠢᠭ ᠭᠡᠶᠢᠭᠦᠯᠦᠭᠴᠢ ᠡᠭᠡ ᠭᠡᠯᠡᠨ ᠤ ᠲᠠᠷᠬᠠᠨ ᠪᠠᠶᠢᠯᠳᠤᠬᠴᠢ᠂ ᠠᠪᠤ ᠶᠢᠨ ᠪᠠᠶᠢᠷᠢ ᠲᠠᠢ ᠠᠴᠢᠳᠤ | ᠪᠠᠭᠰᠢ ᠨᠠᠷ ᠮᠢᠨᠢ ᠰᠠᠶᠢᠬᠠᠨ ᠵᠤᠰᠠᠵᠦ ᠪᠠᠶᠢᠨ᠎ᠠ ᠤᠤ︖ | ᠡᠭᠡᠰᠢᠭ ᠭᠡᠶᠢᠭᠦᠯᠦᠭᠴᠢ ᠶᠢᠨ ᠵᠤᠬᠢᠴᠠᠯ ᠢᠶᠠᠷ ᠡᠷᠡᠯᠭᠡᠭ ᠮᠤᠩᠭᠤᠯ ᠤᠨ ᠭᠦᠭᠡ ᠰᠤᠳᠤᠷ ᠢ ᠡᠮᠬᠢᠯᠡᠨ ᠪᠢᠴᠢᠭᠯᠡᠭᠦ | ᠤᠯᠠᠨ ᠲᠤᠭᠠᠨ ᠤ ᠲᠠᠭᠠᠪᠤᠷᠢ ᠶᠢᠨ ᠨᠢᠭᠡ᠂ ᠡᠷᠬᠢᠮ ᠲᠠᠨ ᠳᠠᠭᠠᠨ ᠠᠳᠡ ᠠᠴᠠ ᠶᠤᠰᠤᠯᠠᠨ ᠵᠤᠯᠭᠠᠵᠦ ᠪᠠᠶᠢᠨ᠎ᠠ︕ | ᠡᠷᠬᠡᠰ ᠤᠷᠴᠢᠯᠠᠩ ᠤᠨ ᠠᠭᠤᠳᠠᠮ ᠵᠠᠶᠢᠴᠢᠨ ᠳᠤ ᠡᠴᠢᠭᠡ ᠡᠭᠡ ᠮᠢᠨᠢ ᠨᠠᠮᠠᠢᠢ ᠲᠦᠷᠦᠭᠦᠯᠵᠦ᠂ ᠡᠶᠡᠷᠭᠦ ᠡᠨᠧᠷᠬᠢ | ᠲᠠᠪᠰᠢᠬᠤ ᠤᠬᠠᠮᠰᠠᠷ ᠢᠶᠠᠷ ᠦᠰᠭᠡᠨ ᠭᠦᠮᠦᠵᠢᠭᠦᠯᠵᠦ ᠪᠠᠶᠢᠭ᠎ᠠ ᠨᠢ ᠮᠢᠨᠦ ᠵᠢᠷᠭᠠᠯ᠂ ᠮᠤᠩᠭᠤᠯ ᠤᠨ ᠵᠢᠷᠭᠠᠯᠠᠩ︕ | ᠡᠭᠡᠰᠢᠭ ᠭᠡᠶᠢᠭᠦᠯᠦᠭᠴᠢ ᠡᠷᠳᠡᠨᠢ ᠪᠠᠨ ᠡᠷᠬᠢᠮᠯᠡᠨ ᠲᠡᠭᠡᠳᠦᠯᠡᠵᠦ ᠡᠭᠡᠰᠢᠭᠯᠡᠨ ᠰᠢᠯᠦᠭᠯᠡᠭᠦ ᠪᠤᠯ ᠮᠢᠨᠦ ᠦᠨᠦᠳᠦᠷ | ᠤᠨ ᠵᠤᠷᠢᠯᠳᠠ᠂ ᠡᠨᠡ ᠨᠠᠰᠤᠨ ᠤ ᠬᠠᠷᠠᠯᠳᠠ᠂ ᠦᠨᠢ ᠮᠦᠩᠭᠡ ᠲᠠᠭᠤᠯᠠᠵᠦ ᠶᠠᠪᠤᠬᠤ ᠨᠠᠷᠠᠨ ᠴᠠᠭᠠᠨ ᠭᠦᠰᠡᠯᠳᠡ︕ | ᠬᠤᠷᠳᠤᠨ ᠪᠢᠴᠢᠯᠭᠡ ᠪᠠᠷ ᠢᠶᠠᠨ ᠬᠤᠷᠸ᠎ᠠ ᠳᠤ ᠠᠯᠳᠠᠷᠳᠠᠢ ᠮᠤᠩᠭᠤᠯ ᠪᠢᠴᠢᠭ ᠢᠶᠠᠨ ᠮᠤᠯᠤᠷ ᠡᠷᠳᠡᠨᠢ ᠰᠢᠭ | ᠭᠦᠨᠳᠦᠯᠡᠵᠦ ᠶᠠᠪᠤᠬᠤ ᠪᠤᠯ ᠮᠢᠨᠦ ᠰᠠᠷᠠᠨ ᠲᠡᠷᠭᠡᠯ ᠵᠡᠭᠦᠳᠦ︕ | ᠬᠤᠭᠤᠷ ᠤᠨ ᠬᠤᠶᠠᠷᠬᠠᠨ ᠬᠢᠯᠭᠠᠰᠤᠨ ᠢᠶᠠᠷ ᠬᠤᠷᠮᠤᠰᠳᠠ ᠶᠢᠨ ᠲᠡᠭᠷᠢᠯᠢᠭ ᠠᠶᠠᠯᠭᠤᠨ ᠢ ᠴᠢᠪᠬᠠᠳᠠᠨ | ᠲᠠᠭᠤᠯᠠᠬᠤ ᠮᠤᠩᠭᠤᠯ ᠤᠳᠤᠮ ᠤᠨ ᠮᠤᠷᠢᠳᠠᠢ ᠦᠯᠢᠭᠡᠷ ᠢᠶᠠᠨ ᠦᠷᠭᠦᠯᠵᠢᠯᠡᠨ ᠭᠦᠭᠯᠡᠭᠦ ᠪᠤᠯ ᠮᠢᠨᠦ ᠤᠳᠤᠨ | ᠬᠢᠯᠪᠠᠭᠠᠳᠤ ᠢᠷᠡᠭᠡᠳᠦᠢ︕ | ᠠᠷᠤ ᠲᠡᠭᠷᠢ ᠶᠢᠨ ᠲᠠᠯᠪᠠᠭ᠎ᠠ ᠪᠤᠯᠤᠬᠰᠠᠨ ᠠᠵᠠ ᠶᠢᠨ ᠲᠤᠯᠤᠭᠠᠨ ᠤᠳᠤᠨ ᠤ ᠲᠤᠭ᠎ᠠ ᠪᠠᠷ ᠲᠤᠬᠢᠶᠠᠬᠰᠠᠨ | ᠡᠭᠡᠰᠢᠭ ᠲᠤᠯᠤᠭᠠᠨ ᠦᠰᠦᠭ ᠲᠠᠢ ᠡᠷᠳᠡᠨᠢ ᠶᠢᠨ ᠭᠡᠯᠡ᠂ ᠡᠨᠡ ᠲᠡᠯᠡᠭᠡᠢ ᠳᠤ ᠦᠭᠡᠷ᠎ᠡ ᠪᠠᠶᠢᠳᠠᠭ ᠤᠤ︖ | ᠬᠤᠷᠢᠨ ᠲᠦᠷᠪᠡᠨ ᠴᠠᠭ ᠤᠨ ᠤᠯᠠᠷᠢᠯ ᠢᠶᠠᠷ ᠬᠠᠭᠤᠴᠢᠨ ᠶᠠᠭᠤᠮ᠎ᠠ ᠤᠯᠠ ᠪᠤᠯᠵᠦ᠂ ᠰᠢᠨ᠎ᠠ ᠶᠠᠭᠤᠮ᠎ᠠ ᠵᠤᠯᠠ | ᠪᠤᠯᠵᠦ ᠬᠤᠪᠢᠷᠠᠨ ᠤᠯᠠᠷᠢᠬᠤ ᠰᠢᠳᠢ ᠶᠢ ᠬᠠᠷᠠᠭᠤᠯᠤᠬᠰᠠᠨ ᠬᠤᠷᠢᠨ ᠲᠦᠷᠪᠡᠨ ᠭᠡᠶᠢᠭᠦᠯᠦᠭᠴᠢ ᠲᠠᠢ ᠬᠤᠪᠢᠯᠭᠠᠨ | ᠪᠢᠴᠢᠭ ᠬᠤᠷᠸ᠎ᠠ ᠳᠤ ᠯᠠᠪᠳᠠᠢ ᠬᠤᠶᠠᠷ ᠤᠯᠳᠠᠬᠤ ᠦᠭᠡᠢ᠃ | ᠡᠭᠡᠰᠢᠭ ᠭᠡᠶᠢᠭᠦᠯᠦᠭᠴᠢ ᠶᠢᠨ ᠲᠤᠭ᠎ᠠ ᠨᠡᠶᠢᠯᠡᠭᠡᠳ ᠶᠡᠭᠡ ᠰᠠᠷ᠎ᠠ ᠶᠢᠨ ᠭᠤᠴᠢᠨ ᠨᠢᠭᠡᠨ ᠡᠳᠦᠷ ᠤᠨ ᠦᠯᠵᠡᠢ | ᠪᠦᠷᠢᠳᠦᠭᠰᠡᠨ ᠭᠠᠶᠢᠬᠠᠮᠰᠢᠬᠳᠤ ᠭᠡᠯᠡ᠂ ᠦᠭᠡ ᠪᠠᠷ ᠭᠡᠯᠡᠵᠦ ᠪᠤᠯᠬᠤ ᠪᠦᠭᠦᠨ ᠢ ᠦᠰᠦᠭ ᠢᠶᠠᠷ ᠲᠤᠤᠷ᠎ᠠ ᠪᠠᠨ | ᠪᠢᠴᠢᠭᠯᠡᠵᠦ ᠴᠢᠳᠠᠬᠤ ᠲᠡᠭᠷᠢ ᠭᠠᠵᠠᠷ ᠤᠨ ᠲᠤᠮᠳᠠ ᠲᠡᠮᠦᠵᠢᠨ ᠤ ᠭᠠᠭᠴᠠᠬᠠᠨ ᠮᠤᠩᠭᠤᠯ ᠪᠢᠴᠢᠭ ᠪᠤᠰᠤᠭ᠎ᠠ | ᠪᠢᠴᠢᠭᠳᠡᠳᠡᠭ ᠨᠢ ᠬᠤᠷᠸ᠎ᠠ ᠶᠢᠨ ᠭᠠᠶᠢᠬᠠᠮᠰᠢᠭ᠃ | ᠡᠨᠡ ᠰᠠᠶᠢᠬᠠᠨ ᠡᠷᠳᠡᠨᠢ ᠶᠢᠨ ᠪᠢᠴᠢᠭ ᠢ ᠡᠭᠦᠰᠭᠡᠨ ᠵᠤᠬᠢᠶᠠᠯᠭᠠᠬᠰᠠᠨ ᠡᠵᠡᠨ ᠪᠤᠬᠳᠠ ᠶᠢᠨ ᠭᠡᠭᠡᠨ ᠰᠦᠨᠡᠰᠦᠨ | ᠳᠤ ᠡᠳᠦᠷ ᠪᠦᠷᠢ ᠶᠢᠨ ᠨᠠᠷᠠᠨ ᠰᠠᠷᠠᠨ ᠢᠶᠠᠷ ᠡᠷᠳᠡᠯᠡᠵᠦ ᠤᠷᠤᠶᠢᠯᠠᠨ ᠮᠦᠷᠭᠦᠵᠦ ᠪᠠᠶᠢᠮᠠᠷ︕ | ᠬᠠᠭᠠᠨ ᠴᠢᠩᠬᠢᠰ ᠤᠨ ᠠᠯᠳᠠᠨ ᠤᠷᠳᠤ ᠳᠤ ᠬᠠᠳ ᠭᠦᠪᠡᠭᠦᠳ ᠤᠨ ᠠᠩᠬᠠᠨ ᠤ ᠬᠢᠴᠢᠶᠡᠯ ᠢ ᠰᠢᠪᠰᠢᠵᠦ | ᠪᠠᠶᠢᠬᠰᠠᠨ ᠲᠠᠳᠠᠳᠤᠩᠭ᠎ᠠ ᠪᠠᠭᠰᠢ ᠶᠢᠨ ᠲᠠᠷᠬᠠᠨ ᠭᠠᠪᠢᠶ᠎ᠠ ᠶᠢ ᠲᠠᠶᠠᠭᠠᠷ ᠲᠦᠮᠡᠨ ᠳᠤ ᠠᠯᠳᠠᠷᠰᠢᠭᠤᠯᠤᠨ ᠲᠤᠷᠠᠳᠬᠠᠵᠦ | ᠪᠤᠯᠤᠮᠠᠷ᠃ | ᠮᠠᠨᠳᠤᠬᠰᠠᠨ ᠲᠦᠷᠦ ᠶᠢᠨ ᠰᠤᠳᠤᠷ ᠲᠡᠮᠳᠡᠭᠯᠡᠯ ᠳᠤ ᠫᠠᠭᠪᠠ ᠯᠠᠮᠠ ᠶᠢᠨ ᠲᠦᠷᠪᠡᠯᠵᠢᠨ ᠦᠰᠦᠭ ᠤᠨ ᠤᠷᠤ | ᠮᠦᠷ ᠲᠠᠢ᠃ | ᠮᠠᠨᠠᠨ ᠪᠤᠳᠠᠩᠳᠤ ᠭᠦᠭᠡᠨᠠᠭᠤᠷ ᠤᠶᠢᠷᠠᠳ ᠲᠤ ᠽᠠᠶ᠎ᠠ ᠪᠠᠨᠳᠢᠳᠠ ᠶᠢᠨ ᠲᠤᠳᠤ ᠦᠰᠦᠭ ᠤᠯᠠᠮᠵᠢᠯᠠᠯ ᠲᠠᠢ᠃ | ᠬᠠᠯᠬ᠎ᠠ ᠮᠤᠩᠭᠤᠯ ᠳᠤ ᠦᠨᠳᠦᠷ ᠭᠡᠭᠡᠨ ᠵᠠᠨᠠᠪᠠᠽᠠᠷ ᠤᠨ ᠠᠯᠳᠠᠨ ᠰᠤᠶᠤᠩᠪᠤ ᠬᠢᠯᠪᠠᠭ᠎ᠠ ᠲᠠᠢ᠃ | ᠬᠠᠷᠠᠴᠢᠨ ᠤᠪᠤᠭ ᠤᠨ ᠠᠶᠤᠰᠢ ᠭᠦᠤᠰᠢ ᠶᠢᠨ ᠠᠯᠢ ᠭᠠᠯᠢ ᠶᠢᠨ ᠤᠯᠪᠠᠭ᠎ᠠ ᠲᠠᠢ᠃ | ᠬᠤᠷᠢ ᠪᠤᠷᠢᠶᠠᠳ ᠤᠨ ᠸᠠᠬᠢᠨᠳᠠᠷᠠ᠂ ᠬᠤᠪᠢᠰᠬᠠᠯᠴᠢ ᠲᠠᠮᠳᠢᠨᠰᠦ᠋ᠷᠦᠩ ᠤᠨ ᠺᠠᠷᠢᠯ ᠦᠰᠦᠭ ᠤᠳᠤ ᠪᠤᠯᠳᠠᠯ᠎ᠠ | ᠤᠷᠤᠰᠢᠯ ᠲᠠᠢ᠃ | ᠨᠡᠭᠦᠳᠡᠯ ᠰᠤᠶᠤᠯ ᠤᠨ ᠤᠯᠠᠨ ᠭᠡᠯᠪᠡᠷᠢ ᠶᠢ ᠵᠢᠷᠤᠬᠯᠠᠬᠰᠠᠨ ᠠᠮᠢᠳᠤ ᠭᠡᠯᠡᠨ ᠤ ᠲᠠᠮᠳᠡᠭ ᠨᠦᠭᠦᠳ᠂ ᠨᠦᠷᠢ ᠶᠡᠭᠡ | ᠭᠦᠳᠡᠯᠮᠦᠷᠢ ᠳᠤ ᠤᠨᠴᠠ ᠶᠢᠨ ᠲᠦᠭᠡᠮᠡᠯ ᠲᠡᠯᠭᠡᠷᠡᠭᠰᠡᠨ ᠤᠶᠢᠭᠤᠷᠴᠢᠨ ᠮᠤᠩᠭᠤᠯ ᠦᠰᠦᠭ ᠮᠢᠨᠢ ᠪᠤᠰᠤᠭ᠎ᠠ ᠭᠡᠶᠢᠮᠦᠷᠢ | ᠪᠠᠨ ᠲᠠᠷᠬᠠᠯᠠᠬᠰᠠᠨ᠃ | ᠤᠩᠰᠢᠬᠤ ᠳᠤ ᠭᠦᠳᠡᠭᠡ ᠶᠢᠨ ᠴᠡᠪᠡᠷ ᠠᠭᠠᠷ ᠰᠢᠭ᠋ ᠠᠭᠤᠵᠢᠮ ᠠᠮᠢᠰᠬᠤᠯᠳᠤ ᠡᠭᠡ ᠭᠡᠯᠡ᠂ ᠤᠶᠠᠩᠭᠠᠯᠠᠬᠤ ᠳᠤ | ᠭᠦᠭᠵᠢᠮ ᠤᠨ ᠲᠦᠯᠬᠡᠨ ᠠᠶᠠᠰ ᠰᠢᠭ᠋ ᠭᠦᠩᠭᠡᠨ ᠴᠢᠯᠦᠭᠡᠳᠦ ᠡᠷᠳᠡᠨᠢ ᠶᠢᠨ ᠭᠡᠯᠡ᠃ ᠪᠢᠴᠢᠭᠯᠡᠭᠦ ᠳᠤ ᠤᠷᠤᠰᠤᠮ᠎ᠠ | ᠲᠤᠳᠤᠷᠬᠠᠢ ᠤᠭᠠᠯᠵᠠᠨ ᠭᠡ ᠲᠠᠢ ᠵᠠᠯᠭᠠᠮᠠᠯ ᠦᠰᠦᠭ᠂ ᠪᠢᠰᠢᠷᠡᠭᠦ ᠳᠤ ᠪᠤᠰᠤᠭ᠎ᠠ ᠵᠤᠷᠢᠭ ᠤᠨ ᠵᠤᠬᠰᠤᠭ᠎ᠠ ᠭᠡᠶᠢᠮᠦᠷᠢ | ᠲᠠᠢ ᠲᠡᠭᠷᠢᠯᠢᠭ ᠪᠢᠴᠢᠭ᠂ ᠮᠢᠨᠦ ᠮᠤᠩᠭᠤᠯ ᠭᠡᠯᠡ︕ | ᠡᠨᠡ ᠠᠭᠤᠤ ᠮᠤᠩᠭᠤᠯ ᠭᠡᠯᠡ ᠪᠠᠷ ᠢᠶᠠᠨ ᠪᠢᠳᠡ ᠡᠷᠭᠡ ᠴᠢᠯᠦᠭᠡᠳᠦ ᠠᠮᠢᠳᠤᠷᠠᠯ᠂ ᠡᠪ ᠬᠠᠮᠳᠤ ᠶᠢᠨ ᠠᠤᠭ᠎ᠠ | ᠭᠦᠰᠡᠯᠡᠩ ᠢᠶᠠᠨ ᠮᠠᠬᠳᠠᠨ ᠲᠠᠭᠤᠯᠠᠨ᠎ᠠ᠃ | ᠡᠨᠡ ᠠᠭᠤᠤ ᠮᠤᠩᠭᠤᠯ ᠪᠢᠴᠢᠭ ᠢᠶᠠᠷ ᠢᠶᠠᠨ ᠪᠢᠳᠡ᠂ ᠬᠤᠶᠢᠴᠢ ᠦᠶ᠎ᠡ ᠶᠢᠨ ᠬᠢᠨ᠂ ᠬᠤᠵᠢᠮ ᠢᠷᠡᠭᠡᠳᠦᠢ᠂ | ᠬᠤᠷᠸ᠎ᠠ ᠶᠢᠨ ᠰᠠᠶᠢᠨ ᠰᠠᠶᠢᠬᠠᠨ ᠢ ᠪᠠᠭ᠋ᠠᠳᠤᠨ ᠤᠶᠠᠩᠭᠠᠯᠠᠨ᠎ᠠ᠃ | ᠡᠶᠢᠮᠦ ᠡᠷᠬᠢᠮᠰᠦᠭ ᠲᠡᠭᠡᠳᠦ ᠭᠡᠯᠡ ᠰᠤᠶᠤᠯ ᠢᠶᠠᠨ ᠭᠦᠨᠳᠦᠳᠭᠡᠭᠦ ᠦᠭᠡᠢ ᠪᠤᠯ ᠪᠢᠳᠡ ᠡᠪᠦᠭᠡ ᠲᠡᠭᠡᠳᠦᠰ ᠤᠨ | ᠰᠢᠷᠭᠠᠭᠤ ᠭᠦᠳᠡᠯᠮᠦᠷᠢ ᠳᠤ ᠤᠰᠤᠯᠳᠠᠵᠦ᠂ ᠡᠨᠡ ᠪᠡᠶ᠎ᠡ ᠶᠢᠨ ᠡᠭᠦᠷᠭᠡ ᠬᠠᠷᠢᠭᠤᠴᠠᠯᠭ᠎ᠠ ᠪᠠᠨ ᠠᠯᠳᠠᠬᠤ ᠪᠤᠯᠤᠨ᠎ᠠ᠃ | ᠡᠶᠢᠮᠦ ᠤᠳᠬ᠎ᠠ ᠲᠡᠭᠦᠯᠳᠡᠷ ᠤᠤᠭᠠᠯ ᠰᠤᠶᠤᠯ ᠢᠶᠠᠨ ᠬᠠᠶᠢᠷᠠᠯᠠᠬᠤ ᠦᠭᠡᠢ ᠪᠤᠯ ᠪᠢᠳᠡ ᠠᠷᠢᠭᠤᠨ ᠮᠤᠩᠭᠤᠯ | ᠴᠢᠰᠤᠨ ᠳᠠᠭᠠᠨ ᠤᠰᠤᠯᠳᠠᠵᠦ᠂ ᠠᠭᠤᠤ ᠦᠨᠳᠦᠰᠦᠳᠡᠨ ᠤ ᠠᠯᠳᠠᠷ ᠭᠦᠨᠳᠦ ᠶᠢ ᠭᠤᠳᠤᠭᠠᠬᠤ ᠪᠤᠯᠤᠨ᠎ᠠ᠃ | ᠭᠡᠯᠡ ᠰᠤᠶᠤᠯ ᠢᠶᠠᠨ ᠭᠦᠨᠳᠦᠳᠭᠡᠵᠦ᠂ ᠭᠡᠷᠡᠭᠯᠡᠵᠦ ᠲᠡᠯᠭᠡᠷᠡᠭᠦᠯᠭᠦ ᠳᠤ ᠬᠢᠴᠢᠶᠡᠩᠭᠦᠢ ᠬᠠᠨᠳᠤᠵᠦ᠂ ᠦᠭᠡ ᠪᠠᠨ | ᠴᠡᠪᠡᠷ ᠶᠠᠷᠢᠨ᠂ ᠦᠰᠦᠭ ᠢᠶᠠᠨ ᠵᠦᠪ ᠪᠢᠴᠢᠵᠦ ᠰᠤᠷᠬᠤ ᠪᠤᠯ ᠭᠦᠮᠦᠨ ᠪᠦᠭᠦᠨ ᠤ ᠴᠢᠷᠮᠠᠶᠢᠨ ᠪᠡᠶᠡᠯᠡᠭᠦᠯᠭᠦ ᠦᠩᠭᠡ | ᠭᠡᠷᠡᠯᠳᠦ ᠠᠵᠢᠯᠯᠠᠭ᠎ᠠ ᠶᠤᠮ᠃ | ᠭᠠᠶᠢᠬᠠᠮᠰᠢᠬᠳᠤ ᠮᠤᠩᠭᠤᠯ ᠰᠤᠶᠤᠯ ᠢᠶᠠᠨ ᠭᠡᠰᠡᠨ ᠭᠠᠭᠴᠠ ᠦᠵᠦᠭᠦᠷᠳᠦ ᠰᠡᠳᠬᠢᠯ ᠢᠶᠠᠷ ᠵᠢᠳᠭᠦᠵᠦ᠂ | ᠭᠠᠳᠠᠭᠠᠳᠤ ᠲᠤᠳᠤᠭᠠᠳᠤ ᠶᠢᠨ ᠭᠠᠷᠮᠠᠭᠠᠢ ᠠᠪᠢᠶᠠᠰᠳᠠᠨ ᠪᠦᠭᠦᠳᠠ ᠪᠤᠰᠤᠭ᠎ᠠ ᠮᠤᠩᠭᠤᠯ ᠦᠰᠦᠭ ᠤᠨ ᠲᠤᠤᠷ᠎ᠠ | ᠵᠤᠬᠰᠤᠭ᠎ᠠ ᠪᠠᠷ ᠨᠠᠮᠠᠨᠴᠢᠯᠠᠬᠤ ᠪᠤᠯᠤᠬᠰᠠᠨ ᠴᠠᠭ ᠲᠤ ᠲᠡᠯᠡᠭᠡᠢ ᠲᠠᠢ ᠬᠠᠮᠳᠤ ᠲᠡᠯᠭᠡᠷ ᠵᠢᠷᠭᠠᠯᠠᠩ ᠢᠶᠠᠷ ᠪᠠᠶᠠᠰᠤᠶᠠ | ᠪᠢᠳᠡ︕ | ᠠᠷᠤ ᠲᠡᠭᠷᠢ ᠶᠢᠨ ᠲᠠᠯᠪᠠᠭ᠎ᠠ ᠪᠤᠯᠤᠬᠴᠢ | ᠠᠰᠢᠳᠠ ᠶᠢᠨ ᠲᠤᠬᠢᠭᠤᠷ ᠤᠳᠤᠨ ᠳᠤ ᠲᠤᠬᠢᠶᠠᠬᠰᠠᠨ | ᠠᠪᠤ ᠰᠢᠭ᠋ ᠴᠠᠭᠠᠨ ᠲᠤᠯᠤᠭᠠᠢ ᠲᠠᠢ | ᠠᠷᠢᠭᠤᠨ ᠲᠤᠯᠤᠭᠠᠨ ᠡᠭᠡᠰᠢᠭ ᠮᠢᠨᠢ | ᠡᠯᠢᠭᠡ ᠵᠢᠷᠦᠭᠡᠨ ᠤ ᠬᠤᠷᠤᠢ ᠬᠤᠷᠤᠢ | ᠡᠭᠡᠰᠢᠭ ᠭᠡᠶᠢᠭᠦᠯᠦᠭᠴᠢ ᠡᠷᠳᠡᠨᠢ ᠮᠢᠨᠦ | ᠬᠤᠪᠢᠰᠬᠤ ᠤᠯᠠᠷᠢᠬᠤ ᠰᠢᠳᠢ ᠤᠷᠤᠰᠢᠬᠴᠢ | ᠬᠤᠷᠢᠨ ᠲᠦᠷᠪᠡᠨ ᠴᠠᠭ ᠢ ᠡᠵᠡᠯᠡᠭᠰᠡᠨ | ᠬᠤᠪᠢᠯᠭᠠᠬᠤ ᠪᠦᠳᠦᠭᠡᠭᠦ ᠶᠤᠰᠤᠨ ᠲᠡᠭᠦᠯᠳᠡᠷ | ᠬᠤᠷᠢᠨ ᠲᠦᠷᠪᠡᠨ ᠭᠡᠶᠢᠭᠦᠯᠦᠭᠴᠢ ᠮᠢᠨᠢ | ᠡᠴᠢᠭᠡ ᠲᠡᠭᠡᠳᠦ ᠶᠢᠨ ᠬᠤᠷᠤᠢ ᠬᠤᠷᠤᠢ | ᠡᠭᠡᠰᠢᠭ ᠭᠡᠶᠢᠭᠦᠯᠦᠭᠴᠢ ᠡᠷᠳᠡᠨᠢ ᠮᠢᠨᠦ | ᠶᠠᠷᠢᠬᠤ ᠪᠤᠯᠭᠠᠨ ᠢ ᠪᠢᠴᠢᠨ ᠴᠢᠳᠠᠬᠴᠢ | ᠢᠷᠡᠭᠤ ᠰᠤᠨᠤᠰᠬᠤᠯᠠᠩ ᠠᠶᠢᠵᠠᠮ ᠭᠦᠪᠦᠷᠡᠭᠰᠡᠨ | ᠢᠯᠠᠭᠤᠬᠰᠠᠨ ᠮᠤᠩᠭᠤᠯ ᠤᠨ ᠪᠤᠰᠤᠭ᠎ᠠ ᠲᠤᠩᠬᠠᠭ | ᠢᠮᠠᠬᠳᠠ ᠰᠢᠳᠦᠭᠦ ᠵᠤᠬᠰᠤᠭ᠎ᠠ ᠵᠠᠷᠯᠢᠭ | ᠡᠵᠡᠨ ᠲᠡᠭᠷᠢ ᠶᠢᠨ ᠬᠤᠷᠤᠢ ᠬᠤᠷᠤᠢ | ᠡᠭᠡᠰᠢᠭ ᠭᠡᠶᠢᠭᠦᠯᠦᠭᠴᠢ ᠡᠷᠳᠡᠨᠢ ᠮᠢᠨᠦ | ᠶᠡᠭᠡ ᠴᠢᠩᠭᠢᠰ ᠤᠨ ᠲᠠᠶᠢᠯᠠᠨ ᠲᠠᠭᠠᠭᠤᠯᠤᠬᠴᠢ | ᠶᠢᠷᠳᠢᠨᠴᠦ ᠶᠢᠨ ᠲᠦᠮᠡᠨ ᠤ ᠲᠠᠭᠠᠨ ᠰᠢᠪᠰᠢᠭᠰᠡᠨ | ᠬᠠᠳᠠᠨ ᠳᠤ ᠰᠡᠶᠢᠯᠦᠭᠰᠡᠨ ᠬᠠᠭᠠᠨ ᠦᠰᠦᠭ | ᠬᠠᠰᠪᠤᠤ ᠲᠠᠮᠠᠭᠠᠨ ᠤ ᠨᠤᠶᠠᠨ ᠵᠡᠪᠰᠡᠭ | ᠡᠷᠭᠡᠰ ᠤᠷᠴᠢᠯᠠᠩ ᠤᠨ ᠬᠤᠷᠤᠢ ᠬᠤᠷᠤᠢ | ᠡᠭᠡᠰᠢᠭ ᠭᠡᠶᠢᠭᠦᠯᠦᠭᠴᠢ ᠡᠷᠳᠡᠨᠢ ᠮᠢᠨᠦ︕ |